ᠤᠢᠢᠷ᠎ᠠ ᠳᠤ᠂ ᠮᠠᠨ ᠤ ᠤᠷᠤᠨ ᠤᠯᠤᠰ ᠤᠨ ᠬᠦᠮᠤᠨ ᠤ ᠬᠦᠴᠤᠨ ᠤ ᠡᠬᠢ ᠪᠠᠶᠠᠯᠢᠭ ᠪᠠ ᠨᠠᠶᠢᠬᠡᠮ ᠤᠨ | ᠪᠠᠲᠤᠯᠠᠭ᠎ᠠ ᠶᠢᠨ ᠶᠠᠮᠤᠨ᠂ ᠡᠳ᠋ ᠤᠨ ᠵᠠᠰᠠᠭ ᠤᠨ ᠶᠠᠮᠤᠨ ᠤ ︽2019 ᠤᠨ ᠤ ᠠᠵᠢᠯ ᠠᠴᠠ ᠪᠠᠨ ᠠᠮᠠᠷᠠᠭᠰᠠᠳ ᠤᠨ | ᠦᠨᠲᠤᠰᠤᠨ ᠨᠠᠰᠤᠵᠢᠯ ᠤᠨᠮᠦ᠋ᠩᠭᠦ ᠳᠤ ᠲᠤᠬᠢᠷᠠᠭᠤᠯᠤᠯᠲᠠ ᠬᠢᠬᠦ ᠲᠤᠬᠠᠢ ᠮᠡᠳᠡᠭᠲᠠᠯ︾ ᠤᠨ ᠱᠠᠭᠠᠷᠲᠠᠯᠭ᠎ᠠ ᠶᠤᠰᠤᠭᠠᠷ᠂ | ᠤᠯᠤᠰ ᠤᠨ ᠬᠦᠮᠤᠨ ᠤ ᠬᠦᠴᠤᠨ ᠤ ᠡᠬᠢ ᠪᠠᠶᠠᠯᠢᠭ ᠪᠠ ᠨᠠᠶᠢᠬᠡᠮ ᠤᠨ ᠪᠠᠲᠤᠯᠠᠭ᠎ᠠ ᠶᠢᠨ ᠶᠠᠮᠤᠨ᠂ ᠡᠳ᠋ ᠤᠨ | ᠵᠠᠰᠠᠭ ᠤᠨ ᠶᠠᠮᠤᠨ ᠪᠠ ᠦᠪᠠᠷᠲᠠᠬᠡᠨ ᠵᠠᠰᠠᠬᠤ ᠤᠷᠤᠨ ᠤᠵᠠᠰᠠᠭ ᠤᠨ ᠤᠷᠲᠤᠨ ᠢᠶᠠᠷ ᠵᠦᠪᠰᠢᠶᠠᠷᠠᠭᠦᠯᠦᠭᠡᠳ | ᠠᠵᠢᠯ ᠠᠴᠠ ᠪᠠᠨ ᠠᠮᠠᠷᠠᠭᠰᠠᠳ ᠤᠨ ᠦᠨᠲᠤᠰᠤᠨ ᠨᠠᠰᠤᠵᠢᠯ ᠤᠨ ᠮᠦᠡᠭᠬᠦ ᠳᠤ ᠲᠤᠬᠢᠷᠠᠭᠤᠯᠤᠯᠲᠠ ᠬᠢᠬᠦ ᠪᠠᠷ | ᠳᠣᠭᠳᠠᠵᠤ᠂ ᠪᠦᠬᠦ ᠤᠷᠤᠨ ᠤ 284 ᠲᠦᠮᠠᠨ ᠠᠵᠢᠯ ᠠᠴᠠ ᠪᠠᠨ ᠠᠮᠠᠷᠠᠭᠰᠠᠳ ᠲᠤᠰ ᠤᠲᠠᠭᠠᠨ ᠤᠨᠠᠰᠤᠵᠢᠯ ᠤᠨ | ᠮᠦᠩᠭᠦ ᠶᠢᠨ ᠲᠤᠬᠢᠷᠠᠭᠤᠯᠤᠯᠲᠠ ᠠᠴᠠ ᠠᠰᠢᠭ ᠬᠦᠷᠲᠠᠬᠦ ᠪᠤᠯᠵᠠᠢ᠃ | ᠦᠪᠠᠷᠲᠠᠬᠡᠨ ᠵᠠᠰᠠᠬᠤ ᠤᠷᠤᠨ ᠤ ᠬᠦᠮᠤᠨ ᠤ ᠬᠦᠴᠤᠨ ᠤ ᠡᠬᠢ ᠪᠠᠶᠠᠯᠢᠭ ᠪᠠ ᠨᠠᠶᠢᠬᠡᠮ ᠤᠨ ᠪᠠᠲᠤᠯᠠᠭ᠎ᠠ ᠶᠢᠨ | ᠲᠢᠩᠬᠢᠮ ᠤᠨ ᠨᠠᠰᠤᠵᠢᠯ ᠤᠨ ᠭᠠᠵᠠᠷ ᠤᠨ ᠲᠠᠷᠤᠭ᠎ᠠ ᠹᠸᠡᠭ ᠢᠤ ᠺᠤᠸᠠᠨ ᠲᠤᠰ ᠤᠲᠠᠭᠠᠨ ᠤ ᠠᠵᠢᠯ ᠠᠴᠠ ᠪᠠᠨ | ᠠᠮᠠᠷᠠᠭᠰᠡᠳ ᠤᠨ ᠦᠨᠲᠤᠰᠤᠨ ᠨᠠᠰᠤᠵᠢᠯ ᠤᠨ ᠮᠦᠡᠭᠬᠦ ᠳᠤ ᠲᠤᠬᠢᠷᠠᠭᠤᠯᠤᠯᠲᠠ ᠬᠢᠬᠦ ᠲᠦᠷᠦ ᠵᠢᠨᠪᠤᠲᠤᠯᠭᠠ ᠳᠤ | ᠲᠠᠶᠢᠯᠤᠮᠵᠢ ᠬᠢᠭᠰᠡᠨ ᠪᠠᠶᠢᠨ᠎ᠠ᠃ | ᠰᠤᠷᠪᠤᠯᠵᠢᠯᠠᠭᠴᠢ᠄ ᠲᠤᠰ ᠤᠲᠠᠭᠠᠨ ᠤ ᠠᠵᠢᠯ ᠠᠴᠠ ᠪᠠᠨ ᠠᠮᠠᠷᠠᠭᠰᠡᠳ ᠤᠨ ᠦᠨᠲᠤᠰᠤᠨ ᠨᠠᠰᠤᠵᠢᠯ ᠤᠨ | ᠮᠦᠡᠭᠬᠦ ᠳᠤ ᠲᠤᠬᠢᠷᠠᠭᠤᠯᠤᠯᠲᠠ ᠬᠢᠭᠰᠡᠨ ᠬᠦᠷᠢᠶ᠎ᠠ ᠬᠡᠪᠴᠢᠶ᠎ᠠ ᠨᠢ ᠶᠠᠮᠠᠷᠰᠢᠤ ᠪᠠᠶᠢᠬᠤ︖ ᠬᠡᠵᠢᠶ᠎ᠠ ᠠᠴᠠ ᠡᠬᠢᠯᠠᠨ | ᠬᠡᠷᠡᠭᠵᠢᠬᠦᠯᠬᠦ ᠪᠤᠢ︖ | ᠹᠸᠡᠭ ᠢᠤ ᠺᠤᠸᠠᠨ᠄ 2018 ᠤᠨ ᠤ 12 ᠰᠠᠷ᠎ᠠ ᠶᠢᠨ 31 ᠤ ᠡᠲᠤᠷ ᠠᠴᠠ ᠡᠮᠤᠨ᠎ᠠ ᠨᠢᠬᠡᠨᠲᠠ | ᠲᠤᠭᠲᠠᠭᠠᠯ ᠶᠤᠰᠤᠭᠠᠷ ᠠᠵᠢᠯ ᠠᠴᠠ ᠪᠠᠨ ᠠᠮᠠᠷᠠᠬᠤ ᠭᠠᠷ ᠬᠦᠢᠴᠡᠳᠬᠡᠯ ᠬᠢᠭᠰᠡᠨ ᠪᠦᠬᠡᠳ ᠰᠠᠷ᠎ᠠ ᠪᠠᠷ ᠦᠨᠲᠤᠰᠤᠨ | ᠨᠠᠰᠤᠵᠢᠯ ᠤᠨ ᠮᠦᠡᠭᠬᠦ ᠠᠪᠴᠤ ᠪᠠᠶᠢᠭ᠎ᠠ ᠪᠠᠶᠢᠭᠤᠯᠭ᠎ᠠ ᠠᠵᠢᠯ ᠦᠢᠯᠡᠰ ᠤᠨ ᠨᠢᠬᠡᠴᠢ ᠪᠠ ᠠᠵᠤ ᠠᠬᠤᠢᠢᠯᠠᠯ ᠤᠨ | ᠠᠵᠢᠯ ᠠᠴᠠ ᠪᠠᠨ ᠠᠮᠠᠷᠠᠭᠰᠡᠳ ᠢ ᠲᠤᠰᠤᠲᠠᠭᠠᠨ ᠤ ᠦᠨᠲᠤᠰᠤᠨ ᠨᠠᠰᠤᠵᠢᠯ ᠤᠨ ᠮᠦᠡᠭᠬᠦ ᠶᠢᠨ | ᠲᠤᠬᠢᠷᠠᠭᠤᠯᠤᠯᠲᠠ ᠶᠢᠨ ᠬᠦᠷᠢᠶ᠎ᠠ ᠬᠡᠪᠴᠢᠶᠠᠨ ᠳᠤ ᠤᠷᠤᠭᠤᠯᠵᠠᠢ᠃ᠡᠬᠦᠨ ᠠᠴᠠ ᠭᠠᠲᠠᠨ᠎ᠠ᠂ 2018 ᠤᠨ ᠤ 12 | ᠰᠠᠷ᠎ᠠ ᠶᠢᠨ 31 ᠤ ᠡᠲᠤᠷ ᠠᠴᠠ ᠡᠮᠤᠨ᠎ᠠ᠂ ᠨᠢᠬᠡᠨᠲᠠ ᠲᠤᠭᠲᠠᠭᠠᠯ ᠶᠤᠰᠤᠭᠠᠷᠠᠵᠢᠯ ᠠᠴᠠ ᠪᠠᠨ ᠠᠮᠠᠷᠠᠬᠤ ᠭᠠᠷ | ᠬᠦᠢᠴᠡᠳᠬᠡᠯ ᠬᠢᠭᠰᠡᠨ ᠠᠵᠢᠯ ᠠᠴᠠ ᠪᠠᠨ ᠠᠮᠠᠷᠠᠭᠰᠡᠳ᠂ ᠡᠪᠠᠳᠴᠢᠲᠠᠨ ᠵᠠᠮᠳᠡᠭᠴᠤᠤᠨ ᠤᠨ ᠨᠦᠬᠦᠪᠤᠷᠢ ᠮᠦᠡᠭᠬᠦ | ᠬᠦ᠋ᠷᠲᠠᠵᠤ ᠪᠠᠶᠢᠭ᠎ᠠ ᠬᠦᠮᠤᠰ ᠢ ᠲᠤᠰ ᠤᠲᠠᠭᠠᠨ ᠤ ᠲᠤᠬᠢᠷᠠᠭᠤᠯᠤᠯᠲᠠ ᠶᠢᠨ ᠬᠦᠷᠢᠶ᠎ᠠ ᠬᠡᠪᠴᠢᠶᠠᠨ ᠳᠤ | ᠤᠷᠤᠭᠤᠯᠪᠠ᠃ ᠲᠤᠰ ᠤᠲᠠᠭᠠᠨ ᠤ ᠦᠨᠲᠤᠰᠤᠨ ᠨᠠᠰᠤᠵᠢᠯ ᠤᠨ ᠮᠦᠡᠭᠬᠦ ᠶᠢᠨ ᠲᠤᠬᠢᠷᠠᠭᠤᠯᠤᠯᠲᠠ ᠳᠤ ᠪᠦᠬᠦ | ᠤᠷᠤᠨ ᠤ 284ᠲᠦᠮᠠᠨ ᠠᠵᠢᠯ ᠠᠴᠠ ᠪᠠᠨ ᠠᠮᠠᠷᠠᠭᠰᠠᠳ ᠲᠤ ᠠᠰᠢᠭ ᠬᠦᠷᠲᠠᠬᠡᠨᠠ᠃ | ᠰᠤᠷᠪᠤᠯᠵᠢᠯᠠᠭᠴᠢ᠄ ᠡᠨᠡ ᠵᠢᠯ ᠦᠨᠲᠤᠰᠤᠨ ᠨᠠᠰᠤᠵᠢᠯ ᠤᠨ ᠮᠦᠡᠭᠬᠦ ᠳᠤ ᠲᠤᠬᠢᠷᠠᠭᠤᠯᠤᠯᠲᠠ ᠬᠢᠬᠦ | ᠲᠦᠪᠰᠢᠨ ᠢ ᠬᠡᠷᠬᠢᠨᠲ᠋ᠤᠭᠲᠠᠭᠠᠭᠰᠠᠨ ᠪᠤᠢ︖ | ᠹᠸᠡᠭ ᠢᠤ ᠺᠤᠸᠠᠨ᠄ ᠦᠨᠲᠤᠰᠤᠨ ᠨᠠᠰᠤᠵᠢᠯ ᠤᠨ ᠮᠦᠡᠭᠬᠦ ᠳᠤ ᠲᠤᠬᠢᠷᠠᠭᠤᠯᠤᠯᠲᠠ ᠬᠢᠬᠦ ᠪᠤᠯ ᠨᠢᠬᠡ | ᠵᠦᠢᠯ ᠤᠨ ᠨᠠᠶᠢᠬᠡᠮ ᠤᠨ ᠲᠦᠷᠦ ᠶᠢᠨ ᠪᠤᠲᠤᠯᠭ᠎ᠠ ᠶᠤᠮ᠂ ᠦᠨᠳᠤᠰᠤᠨ ᠬᠤᠷᠢᠭ᠎ᠠ ᠱᠤᠭᠤᠮ ᠤᠨ ᠴᠢᠲᠠᠪᠤᠷᠢ ᠶᠢ | ᠲᠤᠪᠤᠶᠢᠯᠭᠠᠵᠤ᠂ ᠠᠵᠢᠯ ᠠᠴᠠ ᠪᠠᠨ ᠠᠮᠠᠷᠠᠭᠰᠡᠳ ᠤᠨ ᠦᠨᠲᠤᠰᠤᠨ ᠠᠮᠢᠲᠤᠷᠠᠯ ᠢ ᠪᠠᠲᠤᠯᠠᠨ᠎ᠠ᠃ | ᠤᠯᠠᠨ ᠵᠢᠯ ᠤᠨ ᠦᠬᠡᠷᠠᠴᠢᠯᠠᠯᠲᠠ ᠨᠠᠬᠡᠬᠡᠯᠲᠠ ᠬᠢᠬᠦ ᠪᠠᠷ ᠲᠠᠮᠵᠢᠨ᠂ ᠮᠠᠨ ᠤ ᠤᠯᠤᠰ ᠤᠨ ᠠᠵᠤ ᠠᠬᠤᠢ ᠶᠢᠨ | ᠬᠦᠭᠵᠢᠯᠲᠠ ᠰᠢᠨ᠎ᠠ ᠪᠠᠶᠢᠲᠠᠯ ᠳᠤ ᠤᠷᠤᠵᠤ᠂ ᠦᠨᠲᠤᠷ ᠬᠤᠷᠲᠤᠴᠠᠲᠤ ᠨᠡᠮᠡᠭᠲᠠᠯ ᠤᠨ ᠱᠠᠲᠤ ᠠᠴᠠ ᠪᠠᠨ ᠶᠠᠰᠤ | ᠴᠢᠨᠠᠷ ᠰᠠᠶᠢᠳᠠᠢ ᠬᠦᠭᠵᠢᠯᠲᠠ ᠶᠢᠨ ᠱᠠᠲᠤ ᠵᠦᠭ ᠰᠢᠯᠵᠢᠵᠤ᠂ ᠠᠵᠤ ᠠᠬᠤᠢ ᠶᠢᠨ ᠨᠡᠮᠡᠭᠲᠠᠯ ᠤᠨ ᠬᠤᠷᠲᠤᠴᠠ ᠪᠠᠨ | ᠨᠡᠮᠬᠠᠳᠬᠠᠪᠠ᠃ 2018 ᠤᠨ ᠤ ᠠᠵᠢᠯᠲᠠᠨ ᠠᠵᠢᠯᠴᠢᠨ ᠤ ᠲᠤᠮᠲᠠᠴᠢ ᠴᠠᠯᠢᠩ ᠥᠰᠴᠦ᠂ ᠪᠤᠲᠠᠰ ᠤᠨ | ᠦᠨ᠎ᠠ ᠶᠢᠨ ᠨᠡᠮᠡᠭᠲᠠᠯ ᠲᠤᠭᠲᠠᠭᠤᠨ ᠪᠤᠯᠵᠤ᠂ ᠲᠠᠬᠡᠷ᠎ᠠ ᠵᠢᠯ ᠤᠨ ᠬᠢ ᠲᠠᠢ ᠶᠠᠷᠦᠩᠬᠡᠢ ᠳᠡᠭᠡᠨ ᠠᠲᠠᠯᠢᠪᠲᠤᠷ ᠪᠤᠯᠵᠠᠢ᠃ | 2019 ᠤᠨ ᠤ ᠠᠵᠤ ᠠᠬᠤᠢ ᠶᠢᠨ ᠡᠷᠬᠢᠯᠲᠠ ᠲᠤᠭᠲᠠᠭᠤᠨ ᠤ ᠲᠤᠮᠲᠠ ᠬᠤᠪᠢᠷᠠᠯᠲᠠ ᠲᠠᠢ᠂ ᠬᠤᠪᠢᠷᠠᠯᠲᠠ ᠶᠢᠨ | ᠲᠤᠮᠲᠠ ᠲᠦᠪᠡᠭ ᠲᠠᠢ ᠪᠤᠯᠵᠠᠢ᠃ ᠨᠦᠬᠦᠬᠡ ᠲᠠᠯ᠎ᠠ ᠪᠠᠷ᠂ ᠮᠠᠨ ᠤ ᠤᠯᠤᠰ ᠤᠨ ᠦᠲᠠᠯᠤᠬᠡ ᠨᠠᠰᠤᠲᠠᠳ ᠤᠨ ᠬᠦᠮᠤᠨ | ᠠᠮᠠ ᠵᠢᠨᠬᠡᠪᠴᠢᠶᠠᠵᠢᠯ ᠶᠡᠭᠡ᠂ ᠬᠦᠮᠤᠨ ᠠᠮᠠ ᠶᠢᠨ ᠨᠠᠰᠤᠵᠢᠯ ᠤᠨ ᠬᠤᠷᠲᠤᠴᠠ ᠲᠦᠷᠬᠡᠳᠴᠤ᠂ ᠦᠨᠲᠤᠰᠤᠨ | ᠨᠠᠰᠤᠵᠢᠯ ᠤᠨ ᠮᠦᠡᠭᠬᠦ ᠠᠪᠴᠤ ᠪᠠᠶᠢᠭ᠎ᠠ ᠠᠵᠢᠯ ᠠᠴᠠ ᠪᠠᠨ ᠠᠮᠠᠷᠠᠭᠰᠡᠳ ᠤᠨ ᠲᠤᠭ᠎ᠠ ᠲᠠᠰᠤᠷᠠᠯᠲᠠ ᠦᠬᠡᠢ | ᠨᠡᠮᠡᠭᠲᠠᠵᠤ᠂ ᠰᠦᠢᠳᠬᠡᠯ ᠲᠤᠰᠢᠶᠠᠵᠤ ᠪᠠᠶᠢᠭ᠎ᠠ ᠬᠦᠮᠤᠰ ᠤᠨ ᠲᠤᠭ᠎ᠠ ᠵᠢᠴᠢ ᠬᠠᠷᠠᠭᠠᠯᠵᠠᠯ ᠤᠨ ᠮᠦᠡᠭᠬᠦ ᠬᠦᠷᠲᠠᠵᠤ | ᠪᠠᠶᠢᠭ᠎ᠠ ᠬᠦᠮᠤᠰ ᠤᠨ ᠲᠤᠭ᠎ᠠ ᠶᠢᠨ ᠬᠠᠷᠢᠴᠠᠯ ᠲᠠᠰᠤᠷᠠᠯᠲᠠ ᠦᠬᠡᠢ ᠲᠤᠷᠤᠭᠰᠢᠯᠠᠵᠤ᠂ ᠨᠠᠰᠤᠵᠢᠯ ᠤᠨ ᠰᠠᠭᠤᠷᠢ | ᠮᠦᠡᠭᠬᠦ ᠶᠢᠨ ᠤᠷᠤᠯᠭ᠎ᠠ ᠵᠠᠷᠤᠯᠭ᠎ᠠ ᠶᠢᠨ ᠲᠠᠷᠤᠭᠠᠰᠤ ᠴᠢᠨᠠᠭᠰᠢᠲᠠᠨᠡᠮᠡᠭᠲᠠᠪᠠ᠃ ᠡᠶᠢᠮᠤᠷᠬᠦᠤ ᠪᠠᠶᠢᠲᠠᠯ ᠲᠤᠤᠷ᠎ᠠ᠂ | ᠲᠦᠷᠦ ᠵᠢ᠊ ᠶᠠᠪᠤᠲᠠᠯ ᠤᠨ ᠬᠤᠷᠢᠶ᠎ᠠ ᠪᠠᠰᠠ᠂ 2019 ᠤᠨ ᠳᠤ ᠠᠵᠢᠯ ᠠᠴᠠ ᠪᠠᠨ ᠠᠮᠠᠷᠠᠭᠰᠡᠳ ᠤᠨ ᠦᠨᠲᠤᠰᠤᠨ | ᠨᠠᠰᠤᠵᠢᠯ ᠤᠨ ᠲᠠᠭᠠᠳᠬᠠᠯ ᠤᠨ ᠮᠦᠡᠭᠬᠦ ᠶᠢᠨ ᠲᠤᠮᠲᠠᠴᠢ ᠲᠦᠪᠰᠢᠨ ᠤ 5% ᠤᠷᠴᠢᠮ ᠢᠶᠠᠷ ᠲᠤᠬᠢᠷᠠᠭᠤᠯᠤᠯᠲᠠ | ᠬᠢᠬᠦ ᠪᠠᠷ ᠰᠢᠢᠳᠪᠤᠷᠢ ᠭᠠᠷᠭᠠᠪᠠ᠃ ᠡᠨᠡ ᠬᠦ ᠲᠤᠬᠢᠷᠠᠭᠤᠯᠤᠯᠲᠠ ᠨᠢ᠂ ᠦᠷᠬᠡᠨ ᠤᠯᠠᠨ ᠠᠵᠢᠯ ᠠᠴᠠ ᠪᠠᠨ | ᠠᠮᠠᠷᠠᠭᠰᠡᠳ ᠲᠤ ᠵᠤᠬᠢᠰᠲᠠᠢ ᠠᠵᠤ ᠠᠬᠤᠢ ᠨᠠᠶᠢᠬᠡᠮ ᠤᠨ ᠬᠦᠭᠵᠢᠯᠲᠠ ᠶᠢᠨ ᠦᠷ᠎ᠠ ᠠᠰᠢᠭ ᠢ ᠬᠦᠷᠲᠠᠬᠡᠬᠦ ᠶᠢᠨ | ᠬᠠᠮᠲᠤ ᠪᠠᠰᠠ ᠤᠯᠠᠨ ᠲᠦᠮᠠᠨ ᠳᠤ ᠬᠦᠷᠲᠠᠮᠵᠢ ᠶᠢᠨ ᠲᠦᠷᠦᠭᠳᠡᠯ᠂ ᠵᠤᠯ ᠵᠢᠷᠭᠠᠯᠲᠤ ᠲᠦᠷᠦᠭᠳᠡᠯ᠂ ᠠᠮᠤᠷ | ᠲᠦᠪᠰᠢᠨ ᠤ ᠲᠦᠷᠦᠭᠳᠡᠯ ᠢ ᠨᠡᠮᠡᠭᠲᠠᠬᠦᠯᠬᠦ ᠳᠤ ᠠᠰᠢᠭᠲᠠᠢ ᠪᠠᠶᠢᠵᠤ᠂ ᠨᠡᠩ ᠶᠡᠭᠡ ᠪᠠᠲᠤᠯᠠᠭ᠎ᠠ ᠲᠠᠢ ᠪᠠᠷ ᠨᠠᠮ ᠪᠠ | ᠵᠠᠰᠠᠭ ᠤᠨ ᠤᠷᠲᠤᠨ ᠤ ᠠᠷᠠᠳ ᠤᠨ ᠠᠮᠢᠲᠤᠷᠠᠯ ᠤᠨ ᠠᠰᠠᠭᠤᠲᠠᠯ ᠢ ᠪᠠᠲᠤᠯᠠᠨ ᠰᠠᠶᠢᠵᠢᠷᠠᠭᠤᠯᠬᠤ ᠠᠰᠠᠭᠤᠲᠠᠯ ᠢ | ᠲᠠᠬᠡᠲᠤ ᠬᠡᠮᠵᠢᠶ᠎ᠠ ᠪᠠᠷ ᠴᠢᠬᠤᠯᠠᠴᠢᠯᠠᠵᠤ ᠪᠠᠶᠢᠬᠤ ᠶᠢ ᠬᠦᠢᠴᠡᠳ ᠢᠯᠠᠷᠠᠬᠦᠯᠵᠠᠢ᠃ | ᠰᠤᠷᠪᠤᠯᠵᠢᠯᠠᠭᠴᠢ᠄ ᠤᠯᠤᠰ ᠠᠴᠠ ᠨᠠᠰᠤᠵᠢᠯ ᠤᠨ ᠮᠦᠡᠭᠬᠦ ᠳᠤ ᠲᠤᠬᠢᠷᠠᠭᠤᠯᠤᠯᠲᠠ ᠬᠢᠭᠰᠡᠨ ᠦᠨᠲᠤᠰᠤᠨ | ᠱᠠᠭᠠᠷᠲᠠᠯᠭ᠎ᠠ ᠨᠢ ᠶᠠᠭᠤ ᠪᠤᠢ︖ | ᠹᠸᠡᠭ ᠢᠤ ᠺᠤᠸᠠᠨ᠄ ᠤᠯᠤᠰ ᠤᠨ ᠱᠠᠭᠠᠷᠲᠠᠯᠭ᠎ᠠ ᠪᠠᠷ᠂ 2019 ᠤᠨ ᠤ ᠠᠵᠢᠯ ᠠᠴᠠ ᠪᠠᠨ | ᠠᠮᠠᠷᠠᠭᠰᠡᠳ ᠤᠨ ᠦᠨᠲᠤᠰᠤᠨ ᠨᠠᠰᠤᠵᠢᠯ ᠤᠨ ᠮᠦᠡᠭᠬᠦ ᠳᠤ ᠳᠣᠭᠳᠠᠭᠰᠠᠨ ᠬᠡᠮᠵᠢᠶ᠎ᠡ ᠪᠠᠷ ᠳᠣᠬᠢᠷᠠᠭᠤᠯᠣᠯᠳᠠ ᠬᠢᠬᠦ᠂ | ᠬᠤᠯᠪᠣᠯᠳᠤᠭᠤᠯᠣᠨ ᠳᠣᠬᠢᠷᠠᠭᠤᠯᠣᠯᠳᠠ ᠬᠢᠬᠦ᠂ ᠬᠠᠷᠠᠭᠠᠯᠵᠠᠨ ᠳᠣᠬᠢᠷᠠᠭᠤᠯᠣᠯᠳᠠ ᠬᠢᠬᠦ ᠶᠢ ᠬᠠᠷᠢᠯᠴᠠᠨ | ᠤᠶᠠᠯᠲᠤᠭᠤᠯᠬᠤ ᠠᠷᠭ᠎ᠠ ᠬᠡᠮᠵᠢᠶ᠎ᠠ ᠠᠪᠴᠠᠢ᠃ ᠲᠤᠭᠲᠠᠭᠰᠠᠨ ᠬᠡᠮᠵᠢᠶ᠎ᠠ ᠪᠠᠷ ᠲᠤᠬᠢᠷᠠᠭᠤᠯᠤᠯᠲᠠ ᠬᠢᠬᠦ ᠨᠢ | ᠭᠤᠤᠯᠲᠠᠭᠤ ᠨᠠᠶᠢᠬᠡᠮ ᠤᠨ ᠭᠤᠤᠯᠴᠢ ᠶᠢ ᠢᠯᠡᠷᠠᠬᠦᠯᠵᠤ᠂ ᠨᠢᠬᠡᠲᠤᠯᠲᠠᠢ ᠲᠤᠬᠢᠷᠠᠭᠤᠯᠤᠯᠲᠠ ᠬᠢᠬᠦ ᠪᠠᠷᠢᠮᠵᠢᠶ᠎ᠠ ᠶᠢ | ᠬᠡᠷᠡᠭᠵᠢᠬᠦᠯᠵᠠᠢ᠃ ᠬᠤᠯᠪᠤᠯᠲᠤᠭᠤᠯᠤᠨ ᠲᠤᠬᠢᠷᠠᠭᠤᠯᠤᠯᠲᠠ ᠬᠢᠬᠦ ᠨᠢ ᠲᠤᠰ ᠬᠦᠮᠤᠨ ᠤ ᠰᠦᠢᠳᠬᠡᠯ ᠲᠤᠰᠢᠶᠠᠭᠰᠠᠨ | ᠤᠨ ᠵᠢᠯ ︵ᠪᠤᠶᠤ ᠠᠵᠢᠯ ᠤᠨ ᠤᠨ ᠵᠢᠯ ᠤᠨ ᠬᠢᠵᠠᠭᠠᠷᠯᠠᠯ︶ ᠪᠠ ᠦᠨᠲᠤᠰᠤᠨ ᠱᠠᠲᠤᠨ ᠤ ᠨᠠᠰᠤᠵᠢᠯ ᠤᠨ | ᠮᠦᠡᠭᠬᠦ ᠶᠢᠨ ᠲᠦᠪᠰᠢᠨ ᠲᠠᠢ ᠬᠠᠮᠲᠤ ᠪᠠᠷ ᠬᠤᠯᠪᠤᠯᠲᠤᠭᠤᠯᠤᠨ ᠲᠤᠬᠢᠷᠠᠭᠤᠯᠵᠤ᠂ ᠡᠬᠦᠨ ᠳᠤ ᠦᠨᠲᠤᠰᠤᠨ | ᠨᠠᠰᠤᠵᠢᠯ ᠤᠨ ᠮᠦᠡᠭᠬᠦ ᠶᠢᠨ ᠬᠤᠯᠪᠤᠯᠲᠤᠭᠤᠯᠬᠤ ᠬᠠᠷᠢᠴᠠᠯ ᠨᠢ ᠰᠦᠢᠳᠬᠡᠯ ᠲᠤᠰᠢᠶᠠᠭᠰᠠᠨ ᠤᠨ ᠵᠢᠯ ︵ᠪᠤᠶᠤ | ᠠᠵᠢᠯᠯᠠᠭᠰᠠᠨ ᠤᠨ ᠵᠢᠯ ᠤᠨ ᠬᠢᠵᠠᠭᠠᠷᠯᠠᠯ︶ ᠲᠠᠢ ᠬᠤᠯᠪᠤᠯᠲᠤᠭᠤᠯᠬᠤ ᠬᠠᠷᠢᠴᠠᠯ ᠠᠴᠠ ᠲᠤᠤᠷ᠎ᠠ ᠪᠠᠶᠢᠯᠭᠠᠬᠤ ᠦᠬᠡᠢ | ᠃ ᠬᠠᠷᠠᠭᠠᠯᠵᠠᠨ ᠲᠤᠬᠢᠷᠠᠭᠤᠯᠤᠯᠲᠠ ᠬᠢᠬᠦ ᠨᠢ᠂ ᠦᠨᠲᠤᠷ ᠨᠠᠰᠤ ᠲᠠᠢ ᠠᠵᠢᠯ ᠠᠴᠠ ᠪᠠᠨ ᠠᠮᠠᠷᠠᠭᠰᠠᠳ ᠲᠤ | ᠵᠤᠬᠢᠰᠲᠠᠢ ᠪᠠᠷ ᠲᠤᠬᠢᠷᠠᠭᠤᠯᠤᠯᠲᠠ ᠬᠢᠬᠦ ᠲᠦᠪᠰᠢᠨ ᠢ ᠲᠠᠬᠡᠭᠰᠢᠯᠡᠬᠦᠯᠵᠤ᠂ ᠠᠵᠢᠯ ᠠᠴᠠ ᠪᠠᠨ ᠡᠷᠲᠠ ᠠᠮᠠᠷᠠᠭᠰᠠᠨ᠂ | ᠨᠠᠰᠤᠵᠢᠯ ᠤᠨ ᠮᠦᠡᠭᠬᠦ ᠶᠢᠨ ᠲᠦᠪᠰᠢᠨ ᠬᠠᠷᠢᠴᠠᠩᠭᠤᠢ ᠲᠤᠤᠷ᠎ᠠ ᠬᠦᠮᠤᠰ ᠢ ᠨᠢᠬᠡᠲᠤᠯᠲᠠᠢ ᠲᠦᠯᠤᠪᠵᠢᠬᠦᠯᠤᠨ | ᠬᠠᠷᠠᠭᠠᠯᠵᠠᠬᠤ ᠳᠤ ᠢᠯᠠᠷᠠᠬᠦᠯᠵᠠᠢ︔ ᠠᠵᠤ ᠠᠬᠤᠢᠢᠯᠠᠯ ᠤᠨ ᠠᠵᠢᠯ ᠠᠴᠠ ᠪᠠᠨ ᠠᠮᠠᠷᠠᠭᠰᠠᠨ ᠴᠡᠷᠢᠭ ᠠᠴᠠ | ᠬᠠᠯᠠᠭᠲᠠᠭᠰᠠᠨ ᠺᠠᠳ᠋ᠷ ᠤᠨ ᠨᠠᠰᠤᠵᠢᠯ ᠤᠨ ᠮᠦᠡᠭᠬᠦ ᠲᠤᠬᠠᠢ ᠶᠢᠨ ᠭᠠᠵᠠᠷ ᠤᠨ ᠠᠵᠤ ᠠᠬᠤᠢᠢᠯᠠᠯ ᠤᠨ | ᠠᠵᠢᠯ ᠠᠴᠠ ᠪᠠᠨ ᠠᠮᠠᠷᠠᠭᠰᠡᠳ ᠤᠨ ᠲᠤᠮᠲᠠᠴᠢ ᠲᠦᠪᠰᠢᠨ ᠠᠴᠠ ᠲᠤᠤᠷ᠎ᠠ ᠪᠠᠶᠢᠯᠭᠠᠬᠤ ᠦᠬᠡᠢ ᠪᠠᠶᠢᠬᠤ ᠶᠢ | ᠪᠠᠲᠤᠯᠠᠨ᠎ᠠ᠃ | ᠰᠤᠷᠪᠤᠯᠵᠢᠯᠠᠭᠴᠢ᠄ ᠦᠪᠠᠷᠲᠠᠬᠡᠨ ᠵᠠᠰᠠᠬᠤ ᠤᠷᠤᠨ ᠤ ᠨᠠᠰᠤᠵᠢᠯ ᠤᠨ ᠮᠦᠡᠭᠬᠦ ᠳᠤ ᠲᠤᠬᠢᠷᠠᠭᠤᠯᠤᠯᠲᠠ ᠬᠢᠬᠦ | ᠦᠨᠲᠤᠰᠤᠨ ᠲᠦᠷᠦ ᠶᠢᠨ ᠪᠤᠲᠤᠯᠭ᠎ᠠ ᠶᠢ ᠬᠡᠷᠬᠢᠨ ᠲᠤᠭᠲᠠᠭᠠᠭᠰᠠᠨ ᠪᠤᠢ︖ | ᠹᠸᠡᠭ ᠢᠤ ᠺᠤᠸᠠᠨ᠄ ︵ᠨᠢᠬᠡ︶ ᠲᠤᠭᠲᠠᠭᠰᠠᠨ ᠬᠡᠮᠵᠢᠶ᠎ᠠ ᠪᠠᠷ ᠲᠤᠬᠢᠷᠠᠭᠤᠯᠤᠯᠲᠠ ᠬᠢᠬᠦ ᠨᠢ ᠬᠦᠮᠤᠨ ᠪᠦᠷᠢ | ᠰᠠᠷ᠎ᠠ ᠲᠤᠮᠲᠠᠴᠢ ᠳᠤ 52 ᠲᠦᠬᠦᠷᠢᠭ ᠨᠡᠮᠡᠭᠲᠠᠬᠦᠯᠤᠨ᠎ᠠ᠃ ᠲᠤᠭᠲᠠᠭᠰᠠᠨ ᠬᠡᠮᠵᠢᠶ᠎ᠠ ᠪᠠᠷ ᠲᠤᠬᠢᠷᠠᠭᠤᠯᠤᠯᠲᠠ ᠬᠢᠬᠦ ᠨᠢ | ᠨᠠᠰᠤᠵᠢᠯ ᠤᠨ ᠮᠦᠡᠭᠬᠦ ᠳᠤ ᠲᠤᠬᠢᠷᠠᠭᠤᠯᠤᠯᠲᠠ ᠬᠢᠭᠰᠡᠨ ᠨᠠᠶᠢᠬᠡᠮ ᠤᠨ ᠭᠤᠤᠯᠴᠢ ᠶᠢ ᠢᠯᠠᠷᠠᠬᠦᠯᠵᠠᠢ᠃ | ︵ᠬᠤᠶᠠᠷ︶ ᠬᠤᠯᠪᠤᠯᠲᠤᠭᠤᠯᠤᠨ ᠲᠤᠬᠢᠷᠠᠭᠤᠯᠤᠯᠲᠠ ᠬᠢᠬᠦ ᠨᠢ ᠬᠤᠶᠠᠷ ᠵᠦᠢᠯ ᠤᠨ ᠠᠭᠤᠯᠭ᠎ᠠ ᠶᠢ ᠬᠠᠮᠤᠷᠴᠠᠢ | ᠃ ᠨᠢᠬᠡ ᠳᠤ ᠨᠠᠰᠤᠵᠢᠯ ᠤᠨ ᠮᠦᠡᠭᠬᠦ ᠶᠢᠨ ᠲᠦᠪᠰᠢᠨ ᠲᠠᠢ ᠬᠤᠯᠪᠤᠯᠲᠤᠭᠤᠯᠵᠤ᠂ ᠲᠤᠰ ᠬᠦᠮᠤᠨ ᠤ 2018 ᠤᠨ ᠤ | 12 ᠰᠠᠷ᠎ᠠ ᠶᠢᠨ ᠦᠨᠲᠤᠰᠤᠨ ᠨᠠᠰᠤᠵᠢᠯ ᠤᠨ ᠮᠦᠡᠭᠬᠦ ᠶᠢᠨ ᠲᠦᠪᠰᠢᠨ ᠤ 2% ᠢᠶᠠᠷ ᠨᠠᠰᠤᠵᠢᠯ ᠤᠨ ᠮᠦᠡᠭᠬᠦ ᠶᠢ | ᠨᠡᠮᠡᠭᠲᠠᠬᠦᠯᠤᠨ᠎ᠠ︔ ᠬᠤᠶᠠᠷ ᠲᠤ ᠨᠠᠰᠤᠵᠢᠯ ᠤᠨ ᠮᠦᠡᠭᠬᠦ ᠲᠤᠰᠢᠶᠠᠭᠰᠠᠨ ᠤᠨ ᠵᠢᠯ ᠤᠨ ᠬᠢᠵᠠᠭᠠᠷᠯᠠᠯ ᠲᠠᠢ | ᠬᠤᠯᠪᠤᠯᠲᠤᠭᠤᠯᠵᠤ᠂ ᠰᠦᠢᠳᠬᠡᠯ ᠲᠤᠰᠢᠶᠠᠭᠰᠠᠨ ᠤᠨ ᠵᠢᠯ ᠤᠨ ᠬᠢᠵᠠᠭᠠᠷᠯᠠᠯ ᠨᠢ ᠪᠦᠬᠦᠯᠢ 1 ᠵᠢᠯ ᠪᠤᠯᠪᠠᠯ 1 | ᠲᠦᠬᠦᠷᠢᠭ ᠨᠡᠮᠡᠭᠲᠠᠬᠦᠯᠤᠨ᠎ᠠ︔ ᠬᠤᠯᠪᠤᠯᠲᠤᠭᠤᠯᠤᠨ ᠲᠤᠬᠢᠷᠠᠭᠤᠯᠤᠯᠲᠠ ᠬᠢᠬᠦ ᠨᠢ ᠢᠯᠡᠬᠦᠤ ᠲᠤᠰᠢᠶᠠᠪᠠᠯ ᠢᠯᠡᠬᠦᠤ | ᠤᠯᠬᠤ᠂ ᠤᠲᠠᠭᠠᠨ ᠲᠤᠰᠢᠶᠠᠪᠠᠯ ᠢᠯᠡᠬᠦᠤ ᠤᠯᠬᠤ ᠤᠷᠮᠠᠰᠢᠭᠤᠯᠤᠨ ᠬᠢᠵᠠᠭᠠᠷᠯᠠᠬᠤ ᠲᠤᠭᠲᠠᠴᠠ ᠶᠢ ᠢᠯᠡᠷᠠᠬᠦᠯᠪᠠ᠃ | ︵ᠭᠤᠷᠪᠠ︶ ᠬᠠᠷᠠᠭᠠᠯᠵᠠᠨ ᠲᠤᠬᠢᠷᠠᠭᠤᠯᠤᠯᠲᠠ ᠬᠢᠬᠦ ᠳᠤ ᠬᠤᠶᠠᠷ ᠵᠦᠢᠯ ᠤᠨ ᠠᠭᠤᠯᠭ᠎ᠠ ᠶᠢ ᠬᠠᠮᠤᠷᠪᠠ᠃ | ᠨᠢᠬᠡ ᠳᠤ ᠦᠨᠲᠤᠷ ᠨᠠᠰᠤ ᠲᠠᠢ ᠬᠦᠮᠤᠰ ᠢ ᠬᠠᠷᠠᠭᠠᠯᠵᠠᠵᠤ᠂ 2018 ᠤᠨ ᠤ 12 ᠰᠠᠷ᠎ᠠ ᠶᠢᠨ 31 ᠤ ᠡᠲᠤᠷ | ᠪᠤᠯᠲᠠᠯ᠎ᠠ᠂ ᠪᠦᠬᠦᠯᠢ 70ᠨᠠᠰᠤ ᠬᠦᠷᠦᠭᠰᠡᠨ ᠠᠵᠢᠯ ᠠᠴᠠ ᠪᠠᠨ ᠠᠮᠠᠷᠠᠭᠰᠡᠳ ᠲᠤ ᠬᠦᠮᠤᠨ ᠪᠦᠷᠢ 30 ᠲᠦᠬᠦᠷᠢᠭ | ᠨᠡᠮᠡᠭᠲᠠᠬᠦᠯᠵᠤ᠂ ᠪᠦᠬᠦᠯᠢ 70ᠨᠠᠰᠤ ᠠᠴᠠ ᠲᠠᠬᠡᠭᠰᠢ ᠨᠢᠬᠡ ᠨᠠᠰᠤ ᠨᠡᠮᠡᠭᠲᠠᠬᠦ ᠪᠦᠷᠢ᠂ ᠨᠠᠰᠤᠵᠢᠯ ᠤᠨ ᠮᠦᠡᠭᠬᠦ ᠶᠢ 3 | ᠲᠦᠬᠦᠷᠢᠭ ᠨᠡᠮᠡᠭᠲᠠᠬᠦᠯᠤᠨ᠎ᠠ᠃ ᠬᠤᠶᠠᠷ ᠲᠤ ᠠᠵᠤ ᠠᠬᠤᠢᠢᠯᠠᠯ ᠤᠨ ᠠᠵᠢᠯ ᠠᠴᠠ ᠪᠠᠨ ᠠᠮᠠᠷᠠᠭᠰᠠᠳ ᠴᠡᠷᠢᠭ ᠠᠴᠠ | ᠬᠠᠯᠠᠭᠲᠠᠭᠰᠡᠠ ᠺᠠᠳ᠋ᠷ ᠢ ᠬᠠᠷᠠᠭᠠᠯᠵᠠᠵᠤ᠂ ᠠᠵᠤ ᠠᠬᠤᠢᠢᠯᠠᠯ ᠤᠨ ᠠᠵᠢᠯ ᠠᠴᠠ ᠪᠠᠨ ᠠᠮᠠᠷᠠᠭᠰᠠᠳ ᠴᠡᠷᠢᠭ ᠠᠴᠠ | ᠬᠠᠯᠠᠭᠲᠠᠭᠰᠠᠨ ᠺᠠᠳ᠋ᠷ ᠤᠨ ᠨᠠᠰᠤᠵᠢᠯ ᠤᠨ ᠮᠦᠡᠭᠬᠦ ᠳᠤ ᠲᠤᠬᠢᠷᠠᠭᠤᠯᠤᠯᠲᠠ ᠬᠢᠭᠰᠡᠨ ᠤ ᠲᠠᠷᠠᠭ᠎ᠠ ᠲᠤᠬᠠᠢ ᠶᠢᠨ | ᠭᠠᠵᠠᠷ ᠤᠨ ᠠᠵᠤ ᠠᠬᠤᠢᠢᠯᠠᠯ ᠤᠨ ᠠᠵᠢᠯ ᠠᠴᠠ ᠪᠠᠨ ᠠᠮᠠᠷᠠᠭᠰᠠᠳ ᠤᠨ ᠲᠤᠮᠲᠠᠴᠢ ᠨᠠᠰᠤᠵᠢᠯ ᠤᠨ ᠮᠦᠡᠭᠬᠦ ᠠᠴᠠ | ᠲᠤᠤᠷ᠎ᠠ ᠪᠠᠶᠢᠯᠭᠠᠬᠤ ᠦᠬᠡᠢ᠂ ᠠᠵᠤ ᠠᠬᠤᠢᠢᠯᠠᠯ ᠤᠨ ᠠᠵᠢᠯ ᠠᠴᠠ ᠪᠠᠨ ᠠᠮᠠᠷᠠᠭᠰᠡᠳ ᠤᠨ ᠲᠤᠮᠲᠠᠴᠢ | ᠨᠠᠰᠤᠵᠢᠯ ᠤᠨ ᠮᠦᠡᠭᠬᠦ ᠶᠢᠨ ᠲᠦᠪᠰᠢᠨ ᠳᠤ ᠬᠦᠷᠬᠡᠨ᠎ᠠ᠃ ᠬᠠᠷᠠᠭᠠᠯᠵᠠᠨ ᠲᠤᠬᠢᠷᠠᠭᠤᠯᠤᠯᠲᠠ ᠬᠢᠬᠦ ᠨᠢ ᠠᠵᠢᠯᠯᠠᠭᠰᠠᠨ | ᠬᠤᠭᠤᠴᠠᠭ᠎ᠠ ᠨᠢ ᠤᠷᠳᠤ᠂ ᠨᠠᠰᠤᠵᠢᠯ ᠤᠨ ᠮᠦᠡᠭᠬᠦ ᠶᠢᠨ ᠲᠦᠪᠰᠢᠨ ᠬᠠᠷᠢᠴᠠᠩᠭᠤᠢ ᠲᠤᠤᠷ᠎ᠠ ᠬᠦᠮᠤᠰ ᠲᠤ | ᠨᠢᠬᠡᠲᠤᠯᠲᠠᠢ ᠲᠦᠯᠦᠪᠵᠢᠬᠦᠯᠤᠨ ᠬᠠᠷᠠᠭᠠᠯᠵᠠᠬᠤ ᠪᠠ ᠠᠵᠤ ᠠᠬᠤᠢᠢᠯᠠᠯ ᠤᠨ ᠠᠵᠢᠯ ᠠᠴᠠ ᠪᠠᠨ ᠠᠮᠠᠷᠠᠭᠰᠠᠳ | ᠴᠡᠷᠢᠭ ᠠᠴᠠ ᠬᠠᠯᠠᠭᠲᠠᠭᠰᠠᠠ ᠺᠠᠳ᠋ᠷ ᠲᠤ ᠬᠠᠷᠠᠭᠠᠯᠵᠠᠯ ᠦᠵᠡᠬᠦᠯᠬᠦ ᠳᠤ ᠢᠯᠡᠷᠠᠬᠦᠯᠵᠠᠢ᠃ |