ᠦᠪᠦᠷ ᠮᠤᠩᠭᠤᠯ ᠤᠨ ︽ ᠶᠢᠨ ᠢᠤᠢ ᠪᠤᠤ ᠯᠢᠩ︾ ᠨᠡᠷᠡᠮᠵᠢᠲᠤ ᠠᠮᠢᠲᠤ ᠪᠤᠳᠠᠰ ᠤᠨ ᠮᠡᠷᠭᠡᠵᠢᠯ | ᠰᠤᠲᠤᠯᠭᠠᠨ ᠤ ᠬᠦᠷᠢᠶᠡᠯᠡᠩ ᠤᠨ ᠬᠢᠵᠠᠭᠠᠷᠲᠤ ᠺᠤᠮᠫᠠᠨᠢ ᠶᠢᠨ ᠲᠠᠭᠠᠭᠠᠴᠢᠯᠠᠬᠰᠠᠨ ᠰᠢᠨᠵᠢᠯᠡᠭᠡ ᠮᠡᠷᠭᠡᠵᠢᠯ ᠤᠨ | ᠴᠢᠬᠤᠯᠠ ᠲᠤᠮᠤ ᠲᠦᠷᠦᠯ ᠵᠦᠢᠯ —ᠦᠬᠡᠷ ᠤᠨ ᠸᠢᠷᠦ᠋ᠰᠲᠤ ᠴᠢᠴᠠᠭ᠎ᠠ ᠠᠯᠲᠠᠬᠤ᠂ ᠦᠬᠡᠷ ᠤᠨ ᠬᠠᠯᠲᠠᠪᠤᠷᠢᠲᠦ | ᠴᠢᠨᠠᠷᠲᠠᠢ ᠬᠠᠮᠠᠷ ᠮᠦᠭᠡᠷᠡᠰᠦᠨ ᠬᠤᠭᠤᠯᠠᠢ ᠶᠢᠨ ᠦᠷᠪᠢᠰᠦᠯ ᠤᠨ ᠬᠤᠶᠠᠷ ᠬᠤᠯᠪᠤᠭᠠᠳᠤ ᠸᠢᠷᠦ᠋ᠰ ᠢ ᠠᠷᠭᠠᠴᠠᠭᠠᠬᠤ | ᠸᠠᠺᠽᠢᠨ ᠮᠦᠨ ᠲᠦᠷᠦᠭᠦᠬᠡᠨ ᠲᠤᠰᠬᠠᠢ ᠮᠡᠷᠭᠡᠵᠢᠯᠲᠡᠨ ᠤ ᠪᠠᠳᠤᠯᠠᠯᠲᠠ ᠶᠢ ᠬᠦᠯᠢᠶᠡᠪᠡ᠃ | ︽ ᠡᠬᠦᠨ ᠠᠴᠠ ᠡᠮᠦᠨ᠎ᠡ᠂ ᠠᠮᠧᠷᠢᠺᠠ᠂ ᠭᠧᠷᠮᠠᠨ᠂ ᠶᠠᠫᠤᠨ᠂ ᠠᠷᠭ᠋ᠧᠨ᠋ᠲ᠋ᠢᠨ ᠵᠡᠷᠭᠡ ᠤᠯᠤᠰ ᠲᠤ ᠡᠨᠡ ᠬᠤᠶᠠᠷ | ᠵᠦᠢᠯ ᠤᠨ ᠭᠡᠮ ᠬᠡᠵᠢᠭ ᠤᠨ ᠬᠤᠯᠪᠤᠭᠠᠳᠤ ᠸᠢᠺᠽᠢᠨ ᠭᠠᠷᠤᠬᠰᠠᠨ ᠪᠠᠶᠢᠬᠰᠠᠨ᠃ ᠪᠢᠲᠡ 5 ᠵᠢᠯ ᠲᠤᠷᠰᠢ ᠶᠢᠨ | ᠨᠠᠷᠢᠨ ᠴᠢᠮᠬᠢᠯᠡᠬᠦᠷ ᠰᠤᠳᠤᠯᠭᠠᠨ ᠢᠶᠠᠷ ᠲᠠᠮᠵᠢᠭᠠᠳ ᠬᠤᠶᠠᠷ ᠬᠤᠯᠪᠤᠭᠠᠳᠤ ᠸᠢᠷᠦ᠋ᠰ ᠢ ᠠᠷᠭᠠᠴᠠᠭᠠᠬᠤ ᠸᠠᠺᠽᠢᠨ ᠢ | ᠰᠤᠳᠤᠯᠵᠤ ᠭᠠᠷᠭᠠᠭᠠᠳ᠂ ᠤᠯᠤᠰ ᠤᠨ ᠲᠤᠲᠤᠭᠠᠳᠤ ᠶᠢᠨ ᠬᠤᠭᠤᠰᠤᠨ ᠵᠠᠢ ᠶᠢ ᠲᠠᠭᠯᠠᠭᠰᠠᠨ︾ ᠭᠡᠵᠦ ᠦᠪᠦᠷ | ᠮᠤᠩᠭᠤᠯ ᠤᠨ ︽ ᠶᠢᠨ ᠢᠤᠢ ᠪᠤᠤ ᠯᠢᠩ︾ ᠨᠡᠷᠡᠮᠵᠢᠲᠤ ᠠᠮᠢᠲᠤ ᠪᠤᠳᠠᠰ ᠤᠨ ᠮᠡᠷᠭᠡᠵᠢᠯ ᠰᠤᠲᠤᠯᠭᠠᠨ ᠤ | ᠬᠦᠷᠢᠶᠡᠯᠡᠩ ᠤᠨ ᠬᠢᠵᠠᠭᠠᠷᠲᠤ ᠺᠤᠮᠫᠠᠨᠢ ᠶᠢᠨ ᠰᠤᠳᠤᠯᠭᠠᠨ ᠡᠬᠦᠲᠦᠯᠲᠡ ᠶᠢᠨ ᠵᠠᠬᠢᠷᠤᠯ ᠴᠧᠨ ᠵᠢᠦ ᠯᠢᠶᠠᠨ ᠪᠠᠶᠠᠷᠲᠠᠢ | ᠪᠠᠷ ᠬᠡᠯᠡᠪᠡ ᠄ ︽ᠲᠤᠰ ᠸᠠᠺᠽᠢᠨ ᠤ ᠦᠢᠯᠡᠳᠪᠦᠷᠢᠯᠡᠬᠦ ᠤᠷ᠎ᠠ ᠮᠡᠷᠭᠡᠵᠢᠯ ᠬᠢᠭᠡᠳ ᠬᠡᠮᠵᠢᠵᠤ ᠰᠢᠯᠭᠠᠬᠤ ᠮᠡᠷᠭᠡᠵᠢᠯ | ᠂ ᠦᠢᠯᠡᠳᠬᠦᠨ ᠤ ᠴᠢᠨᠠᠷ ᠴᠢᠨᠰᠠᠭ᠎ᠠ ᠵᠢᠴᠢ ᠸᠢᠷᠦ᠋ᠰ ᠢ ᠰᠡᠷᠭᠡᠶᠢᠯᠡᠬᠦ ᠬᠡᠷᠡᠭᠯᠡᠭᠡᠨ ᠤ ᠦᠷ᠎ᠡ ᠪᠦᠲᠦᠮᠵᠢ ᠴᠦᠮ ᠢᠶᠠᠷ | ᠢᠶᠠᠨ ᠤᠯᠠᠨ ᠤᠯᠤᠰ ᠤᠨ ᠲᠡᠷᠢᠬᠦᠨ ᠤ ᠲᠦᠪᠰᠢᠨ ᠳᠤ ᠬᠦᠷᠦᠭᠰᠡᠨ ᠪᠦᠭᠡᠳ ᠤᠯᠤᠰ ᠤᠨ ᠬᠤᠶᠠᠳᠤᠭᠠᠷ ᠲᠦᠷᠦᠯ | ᠤᠨ ᠮᠠᠯ ᠤᠨ ᠰᠢᠨ᠎ᠡ ᠡᠮ ᠤᠨ ᠦᠨᠡᠮᠯᠡᠯ ᠵᠢᠴᠢ ᠦᠢᠯᠡᠳᠪᠦᠷᠢᠯᠡᠬᠦ ᠦᠨᠡᠮᠯᠡᠯ ᠢᠶᠠᠨ ᠤᠯᠵᠤ᠂ ᠠᠵᠤ ᠠᠬᠤᠶᠢᠯᠠᠯᠲᠠ | ᠶᠢᠨ ᠦᠢᠯᠡᠳᠪᠦᠷᠢᠯᠡᠯ ᠢᠶᠠᠨ ᠪᠡᠶᠡᠯᠡᠬᠦᠯᠦᠭᠰᠡᠨ︾ ᠭᠡᠯᠡ᠃ | ᠤᠶᠢᠯᠠᠭᠠᠬᠰᠠᠨ ᠢᠶᠠᠷ᠂ ᠦᠬᠡᠷ ᠤᠨ ᠸᠢᠷᠦ᠋ᠰᠲᠤ ᠴᠢᠴᠠᠭ᠎ᠠ ᠠᠯᠲᠠᠬᠤ᠂ ᠦᠬᠡᠷ ᠤᠨ ᠬᠠᠯᠲᠠᠪᠤᠷᠢᠲᠦ ᠴᠢᠨᠠᠷᠲᠠᠢ | ᠬᠠᠮᠠᠷ ᠮᠦᠭᠡᠷᠡᠰᠦᠨ ᠬᠤᠭᠤᠯᠠᠢ ᠶᠢᠨ ᠦᠷᠪᠢᠰᠦᠯ ᠪᠤᠯ ᠦᠬᠡᠷ ᠲᠡᠵᠢᠭᠡᠬᠦ ᠦᠢᠯᠡᠰ ᠢ ᠬᠠᠷᠰᠢᠯᠠᠵᠤ ᠪᠦᠬᠦᠢ ᠲᠡᠯᠡᠬᠡᠢ | ᠶᠢᠨ ᠬᠡᠪᠴᠢᠶᠡᠨ ᠳᠤ ᠲᠡᠯᠭᠡᠷᠡᠭᠰᠡᠨ ᠬᠤᠶᠠᠷ ᠵᠦᠢᠯ ᠤᠨ ᠲᠤᠮᠤ ᠬᠡᠵᠢᠭ ᠭᠡᠮ ᠪᠤᠯᠬᠤ ᠶᠤᠮ᠃ ᠡᠨᠡ ᠬᠤᠶᠠᠷ ᠵᠦᠢᠯ | ᠤᠨ ᠭᠡᠮ ᠬᠡᠵᠢᠭ ᠦᠬᠡᠷ ᠤᠨ ᠤᠷᠭᠠᠨᠢᠭ ᠪᠡᠶ᠎ᠡ ᠶᠢᠨ ᠬᠠᠯᠳᠠᠪᠤᠷᠢᠯᠠᠯ ᠢ ᠡᠰᠡᠷᠭᠦᠴᠡᠬᠦ ᠴᠢᠳᠠᠪᠤᠷᠢ ᠶᠢ | ᠲᠤᠷᠤᠶᠢᠲᠠᠭᠤᠯᠵᠤ᠂ ᠦᠬᠡᠷ ᠤᠨ ᠪᠡᠶ᠎ᠡ ᠳᠤ ᠬᠤᠤᠷ ᠠᠬᠤᠭᠤᠯᠤᠨ ᠬᠤᠤᠷ ᠲᠠᠷᠬᠠᠭᠠᠯᠭᠠᠵᠤ᠂ ᠦᠬᠡᠷ ᠲᠡᠵᠢᠭᠡᠬᠦ | ᠦᠢᠯᠡᠰ ᠲᠤ ᠨᠢᠭᠤᠷᠲᠠᠬᠰᠠᠨ ︽ᠨᠢᠭᠤᠴᠠ ᠲᠡᠯᠪᠡᠷᠡᠬᠦ ᠪᠦᠮᠪᠦᠭᠡ︾ ᠪᠤᠯᠤᠬᠰᠠᠨ ᠪᠠᠶᠢᠨ᠎ᠠ᠃ ᠪᠦᠷᠢᠳᠭᠡᠯ ᠢᠶᠠᠷ᠂ | ᠤᠶᠢᠷ᠎ᠠ ᠶᠢᠨ ᠭᠤᠷᠪᠠᠨ ᠵᠢᠯ ᠳᠤ ᠤᠯᠤᠰ ᠤ ᠲᠤᠲᠤᠭᠠᠳᠤᠬᠢ ᠦᠬᠡᠷ ᠤᠨ ᠸᠢᠷᠦ᠋ᠰᠲᠤ ᠴᠢᠴᠠᠭ᠎ᠠ ᠠᠯᠲᠠᠬᠤ᠂ ᠦᠬᠡᠷ | ᠤᠨ ᠬᠠᠯᠲᠠᠪᠤᠷᠢᠲᠦ ᠴᠢᠨᠠᠷᠲᠠᠢ ᠬᠠᠮᠠᠷ ᠮᠦᠭᠡᠷᠡᠰᠦᠨ ᠬᠤᠭᠤᠯᠠᠢ ᠶᠢᠨ ᠦᠷᠪᠢᠰᠦᠯ ᠬᠠᠯᠳᠠᠪᠤᠷᠢᠯᠠᠬᠤ ᠨᠤᠷᠮ᠎ᠠ 85% | ᠠᠴᠠ ᠲᠡᠭᠡᠭᠰᠢ ᠬᠦᠷᠴᠦ᠂ ᠵᠢᠯ ᠪᠦᠷᠢ ᠶᠢᠨ ᠬᠤᠬᠢᠷᠠᠯ 20 ᠳ᠋ᠦᠩᠰᠢᠭᠤᠷ ᠲᠦᠬᠦᠷᠢᠭ ᠠᠴᠠ ᠬᠡᠲᠦᠷᠡᠲᠡᠭ ᠪᠠᠶᠢᠨ᠎ᠠ᠃ | ᠮᠠᠯ ᠠᠵᠤ ᠠᠬᠤᠢ ᠨᠢ ᠦᠪᠦᠷ ᠮᠤᠩᠭᠤᠯ ᠤᠨ ᠲᠤᠯᠭᠠᠭᠤᠷᠢ ᠠᠵᠤ ᠠᠬᠤᠶᠢᠯᠠᠯ ᠪᠤᠯᠤᠬᠰᠠᠨ ᠤ ᠬᠤᠪᠢ ᠳᠤ | ᠤᠷᠤᠨ ᠨᠤᠲᠤᠭ ᠤᠨ ᠠᠵᠤ ᠠᠬᠤᠢ ᠶᠢᠨ ᠬᠦᠭᠵᠢᠯ ᠳᠤ ᠮᠠᠰᠢ ᠴᠢᠬᠤᠯᠠ ᠪᠠᠶᠢᠷᠢ ᠰᠠᠭᠤᠷᠢ ᠶᠢ ᠡᠵᠡᠯᠡᠲᠡᠭ᠃ | ᠪᠦᠷᠢᠳᠭᠡᠯ ᠢᠶᠠᠷ᠂ ᠡᠨᠡ ᠵᠢᠯ ᠤᠨ 6 ᠳ᠋ᠤᠭᠠᠷ ᠰᠠᠷ᠎ᠠ ᠶᠢᠨ ᠰᠡᠬᠦᠯᠴᠢ ᠶᠢᠨ ᠬᠠᠤᠯᠢ ᠶᠢᠨ ᠪᠦᠷᠢᠳᠭᠡᠯ ᠳᠤ ᠪᠦᠬᠦ | ᠤᠷᠤᠨ ᠤ ᠦᠬᠡᠷ ᠤᠨ ᠵᠤᠬᠰᠤᠭ᠎ᠠ ᠲᠤᠭ᠎ᠠ 1055.2 ᠲᠦᠮᠡ ᠪᠤᠢ᠃ ᠬᠤᠶᠠᠷ ᠬᠤᠯᠪᠤᠭᠠᠳᠤ ᠸᠢᠷᠦ᠋ᠰ ᠢ | ᠠᠷᠭᠠᠴᠠᠭᠠᠬᠤ ᠸᠠᠺᠽᠢᠨ ᠰᠤᠲᠤᠯᠵᠤ ᠭᠠᠷᠭᠠᠬᠰᠠᠨ ᠨᠢ ᠦᠪᠦᠷ ᠮᠤᠩᠭᠤᠯ ᠤᠷᠤᠨ ᠤ ᠮᠠᠯ ᠠᠵᠤ ᠠᠬᠤᠢ ᠶᠢᠨ | ᠬᠦᠭᠵᠢᠯᠲᠡ ᠳᠤ ᠬᠠᠮᠠᠯᠠᠭᠠᠴᠢ ᠪᠠᠳᠤᠯᠠᠭᠠᠴᠢ ᠲᠠᠢ ᠪᠤᠯᠤᠬᠰᠠᠨ ᠪᠦᠭᠡᠳ ᠦᠬᠡᠷ ᠤᠨ ᠦᠷᠡᠵᠢᠯᠲᠡ ᠪᠤᠶᠢᠵᠢᠯᠲᠠ ᠪᠠᠷ | ᠲᠠᠮᠵᠢᠵᠤ ᠮᠠᠯᠴᠢᠳ ᠲᠠᠷᠢᠶᠠᠴᠢᠳ ᠤᠨ ᠠᠵᠤ ᠠᠬᠤᠢ ᠶᠢᠨ ᠤᠷᠤᠯᠭ᠎ᠠ ᠶᠢ ᠨᠡᠮᠡᠭᠲᠡᠬᠦᠯᠬᠦ ᠳᠤ ᠨᠢᠭᠡ ᠮᠦᠷᠦᠨ ᠤ | ᠬᠦᠴᠦᠨ ᠢ ᠡᠷᠬᠦᠬᠦ ᠪᠤᠯᠤᠨ᠎ᠠ᠃ ︵ᠦᠪᠣᠷ ᠮᠣᠩᠭᠤᠯ ᠤᠨ ᠡᠳᠣᠷ ᠤᠨ ᠰᠣᠨᠢᠨ ᠤ ᠰᠤᠷᠪᠤᠯᠵᠢᠯᠠᠬᠴᠢ ᠵᠤᠤ ᠨᠠ︶ | http://mongol.people.com.cn/15823661.html |