ᠬᠥᠮᠥᠨ ᠤ ᠣᠷᠴᠢᠯᠠᠩ ᠤᠨ ᠠᠭᠤᠷ ᠠᠮᠢᠰᠬᠤᠯ ᠬᠥᠮᠥᠰ ᠤᠨ ᠰᠡᠳᠬᠢᠯ ᠢ ᠬᠠᠮᠤᠭ ᠠᠴᠠ ᠢᠯᠡᠭᠦᠦ ᠢᠪᠡᠭᠡᠨ᠎ᠡ ︱ ᠴᠢᠩ ᠱᠦᠢ ᠾᠧ ᠰᠢᠶᠠᠨ ᠤ ᠬᠤᠳᠠ ᠶᠢᠨ ᠲᠣᠭᠤᠷᠢᠭ ᠤᠨ ᠬᠢᠨ ᠬᠡᠪ ᠤᠨ ᠠᠮᠢᠳᠤᠷᠠᠯ ᠤᠨ ᠡᠮᠬᠢ ᠳᠢᠭᠯᠢᠮ ᠢ ᠰᠡᠷᠭᠦᠭᠡᠪᠡ
ᠨᠡᠶᠢᠲᠡᠯᠡᠭᠰᠡᠨ ᠴᠠᠭ᠄
2022/12/14
     ᠣᠶᠢᠷ᠎ᠠ ᠶᠢᠨ ᠡᠳᠦᠷ ᠤᠳ ᠲᠤ᠂ ᠴᠢᠩ ᠱᠦᠢ ᠾᠧ ᠰᠢᠶᠠᠨ ᠤ ᠬᠢᠨ ᠬᠢᠵᠢᠭ ᠰᠡᠷᠭᠡᠶᠢᠯᠡᠬᠦ ᠬᠠᠮᠤᠭ ᠤᠨ ᠰᠢᠨ᠎ᠡ ᠲᠦᠷᠦ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠵᠤ᠂ ᠬᠡᠪ ᠤᠨ ᠦᠢᠯᠡᠳᠪᠦᠷᠢᠯᠡᠯ ᠠᠮᠢᠳᠤᠷᠠᠯ ᠤᠨ ᠡᠮᠬᠢ ᠳᠢᠭᠯᠢᠮ ᠢ ᠠᠯᠬᠤᠮ ᠠᠯᠬᠤᠮ ᠢᠶᠠᠷ ᠰᠡᠷᠭᠦᠭᠡᠪᠡ᠃ᠠᠵᠢᠯ ᠢᠶᠠᠨ ᠰᠡᠷᠭᠦᠭᠡᠵᠦ ᠦᠢᠯᠡᠳᠪᠦᠷᠢᠯᠡᠯ ᠢᠶᠠᠨ ᠰᠡᠷᠭᠦᠭᠡᠬᠦ ᠶᠠᠪᠤᠳᠠᠯ ᠢ ᠡᠮᠬᠢ ᠵᠢᠷᠤᠮ ᠲᠠᠢ ᠪᠠᠷ ᠲᠦᠯᠬᠢᠨ ᠠᠬᠢᠭᠤᠯᠬᠤ ᠶᠢᠨ ᠳᠠᠭᠠᠤ ᠳᠤ᠂ ᠬᠤᠲᠠ ᠶᠢᠨ ᠠᠷᠠᠳ ᠤᠨ ᠡᠳᠦᠷ ᠲᠤᠲᠤᠮ ᠤᠨ ᠠᠮᠢᠳᠤᠷᠠᠯ ᠲᠠᠢ ᠨᠢᠭᠲᠠ ᠬᠤᠯᠪᠣᠭ᠎ᠠ ᠲᠠᠢ ᠬᠡᠳᠦ ᠳᠡᠯᠭᠡᠭᠦᠷ᠂ ᠡᠮ ᠤᠨ ᠳᠡᠯᠭᠡᠭᠦᠷ᠂ ᠠᠷᠠᠳ ᠲᠤ ᠳᠥᠭᠦᠮ ᠦᠵᠡᠭᠦᠯᠬᠦ ᠵᠠᠬ᠎ᠠ ᠳᠡᠯᠭᠡᠭᠦᠷ ᠵᠡᠷᠭᠡ ᠶᠢᠨ ᠡᠵᠡᠩᠨᠡᠯᠲᠡ ᠶᠢ ᠵᠠᠯᠭᠠᠯᠳᠤᠭᠠᠪᠠᠷ ᠰᠡᠷᠭᠦᠭᠡᠭᠰᠡᠨ ᠪᠠᠶᠢᠨ᠎ᠠ᠃
     ᠮᠠᠰᠢᠨ ᠲᠡᠷᠭᠡᠨ ᠤ ᠪᠦᠷᠢᠶ᠎ᠡ ᠶᠢᠨ ᠲᠠᠭᠤᠨ ᠳᠤ ᠰᠢᠷᠠᠭᠰᠠᠨ ᠠᠮᠲᠠᠲᠤ ᠲᠥᠮᠥᠰᠥ᠂ ᠬᠠᠭᠠᠷᠢᠭᠰᠠᠨ ᠪᠣᠣᠪᠤ᠂ ᠬᠠᠭᠤᠷᠠᠭᠰᠠᠨ ᠬᠤᠰᠢᠭ᠎ᠠ᠂ ᠬᠠᠭᠤᠷᠠᠭᠰᠠᠨ ᠨᠠᠷᠠᠨ ᠬᠤᠸᠠᠷ ᠤᠨ ᠦᠷ᠎ᠡ ᠵᠢᠴᠢ ᠡᠯ᠎ᠡ ᠵᠦᠢᠯ ᠤᠨ ᠪᠤᠯᠭᠤᠭᠰᠠᠨ ᠢᠳᠡᠭᠡᠨ ᠤ ᠦᠨᠦᠷ ᠬᠠᠩᠬᠤᠯᠵᠤ ᠪᠠᠶᠢᠯ᠎ᠠ᠁ ᠲᠠᠨᠢᠯ ᠳᠠᠰᠤᠯ ᠬᠥᠮᠥᠨ ᠤ ᠣᠷᠴᠢᠯᠠᠩ ᠤᠨ ᠠᠭᠤᠷ ᠠᠮᠢᠰᠬᠤᠯ ᠠᠭᠠᠵᠢᠮ ᠢᠶᠠᠷ ᠳᠠᠬᠢᠨ ᠢᠯᠡᠷᠡᠵᠦ᠂ ᠬᠤᠲᠠ ᠳᠤ ᠬᠠᠷᠢᠶᠠᠯᠠᠭᠳᠠᠬᠤ ᠲᠡᠷᠡ ᠬᠦ ︽ᠦᠢᠮᠡᠭᠡᠨ︾ ᠡᠮᠬᠢ ᠵᠢᠷᠤᠮ ᠲᠠᠢ ᠪᠠᠷ ᠪᠤᠴᠠᠨ ᠢᠷᠡᠭᠰᠡᠨ ᠪᠠᠶᠢᠨ᠎ᠠ᠃
     ᠶᠦᠩ ᠠᠨ ᠵᠡᠭᠡᠯᠢ ᠶᠢᠨ ᠵᠡᠭᠦᠨ ᠵᠡᠭᠡᠯᠢ ᠪᠠᠷ ᠶᠠᠪᠤᠬᠤ ᠳᠤ ᠵᠠᠮ ᠳᠡᠭᠡᠷᠡᠬᠢ ᠲᠡᠷᠭᠡᠨ ᠤ ᠤᠷᠤᠰᠬᠠᠯ ᠤᠨ ᠬᠡᠮᠵᠢᠶ᠎ᠡ ᠨᠡᠮᠡᠭᠳᠡᠵᠦ ᠪᠠᠶᠢᠬᠤ ᠨᠢ ᠢᠯᠡᠷᠬᠡᠢ ᠮᠡᠳᠡᠭᠳᠡᠵᠦ᠂ ᠴᠥᠭᠡᠨ ᠪᠤᠰᠤ ᠬᠤᠲᠠ ᠶᠢᠨ ᠠᠷᠠᠳ ᠭᠠᠳᠠᠭᠰᠢ ᠭᠠᠷᠴᠤ ᠰᠢᠨ᠎ᠡ ᠰᠣᠷᠭᠤᠭ ᠢᠳᠡᠭᠡᠨ ᠤ ᠮᠠᠲ᠋ᠧᠷᠢᠶᠠᠯ ᠬᠤᠳᠠᠯᠳᠤᠨ ᠠᠪᠴᠤ ᠪᠠᠶᠢᠨ᠎ᠠ᠃ᠠᠮᠢᠳᠤᠷᠠᠯ ᠤᠨ ᠠᠭᠤᠷ ᠠᠮᠢᠰᠬᠤᠯ ᠤᠨ ᠲᠥᠯᠥᠭᠡᠯᠡᠭᠴᠢ ᠪᠣᠯᠤᠭᠰᠠᠨ ᠤ ᠬᠤᠪᠢ ᠳᠤ᠂ ᠢᠳᠡᠭᠡᠨ ᠤᠮᠳᠠᠭᠠᠨ ᠤ ᠳᠡᠯᠭᠡᠭᠦᠷ ᠤᠨ ᠬᠢᠨ ᠲᠠᠩᠬᠢᠮ ᠤᠨ ᠬᠤᠭᠤᠯᠠ ᠪᠠᠨ ᠰᠡᠷᠭᠦᠭᠡᠵᠦ᠂ ᠬᠥᠮᠥᠰ ᠤᠨ ᠠᠮᠲᠠ ᠶᠢᠨ ᠴᠣᠮᠣᠷᠯᠢᠭ ᠢ ᠥᠳᠥᠭᠡᠵᠦ᠂ ᠣᠷᠭᠢᠯᠤᠮ᠎ᠠ ᠬᠠᠯᠠᠭᠤᠨ ᠠᠭᠤᠷ  ᠨᠢ ᠬᠥᠮᠥᠰ ᠤᠨ ᠵᠣᠯ ᠵᠢᠷᠭᠠᠯ ᠤᠨ ᠲᠥᠷᠥᠭᠳᠡᠯ ᠢ ᠨᠡᠮᠡᠭᠳᠡᠭᠦᠯᠦᠨ᠎ᠡ᠃ᠬᠡᠲᠦ ᠳᠡᠯᠭᠡᠭᠦᠷ ᠪᠣᠯ ᠬᠤᠲᠠ ᠶᠢᠨ ︽ᠡᠷᠳᠡᠨᠢ ᠶᠢᠨ ᠬᠠᠶᠢᠷᠴᠠᠭ︾ ᠪᠣᠯᠬᠤ ᠪᠥᠭᠡᠳ ᠬᠤᠲᠠ ᠶᠢᠨ ᠠᠷᠠᠳ ᠤᠨ ᠠᠮᠢᠳᠤᠷᠠᠯ ᠠᠴᠠ ᠬᠠᠮᠤᠭ ᠤᠨ ᠣᠶᠢᠷᠠᠬᠠᠨ ᠭᠠᠵᠠᠷ ᠪᠣᠯᠣᠨ᠎ᠠ᠃ ᠺᠧ ᠳ᠋ᠦ᠋ ᠬᠡᠲᠦ ᠳᠡᠯᠭᠡᠭᠦᠷ ᠲᠤ᠂ ᠪᠠᠷᠠᠭ᠎ᠠ ᠬᠤᠳᠠᠯᠳᠤᠨ ᠠᠪᠬᠤ ᠪᠠᠷ ᠢᠷᠡᠭᠰᠡᠨ ᠬᠤᠲᠠ ᠶᠢᠨ ᠠᠷᠠᠳ ᠤᠬᠠᠮᠰᠠᠷ ᠠᠴᠠ ᠪᠠᠨ ᠠᠮᠠᠨ ᠬᠠᠭᠠᠯᠲᠠ ᠪᠠᠨ ᠵᠡᠭᠦᠵᠦ᠂ ᠡᠮᠬᠢ ᠵᠢᠷᠤᠮ ᠲᠠᠢ ᠪᠠᠷ ᠪᠠᠷᠠᠭ᠎ᠠ ᠬᠤᠳᠠᠯᠳᠤᠨ ᠠᠪᠴᠤ᠂ ᠬᠡᠲᠦ ᠳᠡᠯᠭᠡᠭᠦᠷ ᠲᠤ ᠪᠠᠷᠠᠭ᠎ᠠ ᠲᠠᠸᠠᠷ ᠨᠢᠳᠦ ᠳᠦᠭᠦᠷᠡᠩ ᠬᠠᠷᠠᠭᠳᠠᠨ᠎ᠠ᠂ ᠠᠵᠢᠯᠲᠠᠳ ᠴᠢᠷᠠᠢ ᠳᠦᠭᠦᠷᠡᠩ ᠢᠨᠢᠶᠡᠮᠰᠦᠭᠯᠡᠯ ᠲᠠᠢ ᠪᠠᠶᠢᠵᠤ᠂ ᠶᠠᠷᠢᠶ᠎ᠠ ᠬᠡᠯᠡᠯᠴᠡᠭᠡᠨ ᠤ ᠳᠤᠮᠳᠠ ᠬᠤᠲᠠᠨ ᠳᠤ ᠬᠠᠷᠢᠶᠠᠯᠠᠭᠳᠠᠬᠤ ᠲᠡᠷᠡ ᠨᠢᠭᠡᠨ ᠬᠤᠪᠢ  ︽ᠱᠤᠤᠭᠢᠶᠠᠨ︾ ᠵᠥᠪ ᠵᠠᠮ ᠳᠠᠭᠠᠨ ᠪᠤᠴᠠᠵᠤ ᠢᠷᠡᠯ᠎ᠡ᠃
 
ᠢᠷᠡᠯᠲᠡ᠄ ᠴᠢᠩ ᠱᠦᠢ ᠾᠧ ᠰᠢᠶᠠᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11002890号-1