ᠴᠢᠩ ᠱᠦᠢ ᠾᠧ ᠰᠢᠶᠠᠨ᠄︽ᠢᠨᠲ᠋ᠧᠷ ᠰᠦᠯᠵᠢᠶ᠎ᠡ + ᠪᠠᠷᠠᠭᠠᠨ ᠤ ᠭᠦᠢᠯᠭᠡᠭᠡ︾ ᠶᠢᠨ ᠰᠢᠨ᠎ᠡ ᠠᠵᠠ ᠲᠣᠬᠢᠶᠠᠯ ᠢ ᠠᠮᠵᠢᠵᠤ ᠬᠦᠴᠦᠨ ᠢᠶᠠᠨ ᠲᠥᠪᠯᠡᠷᠡᠭᠦᠯᠦᠨ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠲᠣᠭᠠᠴᠢᠯᠠᠭᠰᠠᠨ ᠠᠵᠤ ᠦᠢᠯᠡᠰ ᠤᠨ ᠬᠦᠷᠢᠶᠡᠯᠡᠩ ᠢ ᠴᠣᠭᠴᠠᠯᠠᠨ ᠪᠠᠶᠢᠭᠤᠯᠵᠤ ᠪᠣᠢ
ᠨᠡᠶᠢᠲᠡᠯᠡᠭᠰᠡᠨ ᠴᠠᠭ᠄
2023/12/5
     ᠥᠪᠥᠷ ᠮᠣᠩᠭᠤᠯ ᠤᠨ ᠴᠢᠩ ᠱᠦᠢ ᠾᠧ ᠰᠢᠶᠠᠨ ᠤ ᠤᠶᠤᠨᠲᠤ ᠪᠠᠷᠠᠭᠠᠨ ᠤ ᠭᠦᠢᠯᠭᠡᠭᠡᠨ ᠤ ᠬᠦᠷᠢᠶᠡᠯᠡᠩ ᠲᠣᠭᠤᠷᠢᠭ ᠢ ᠥᠪᠥᠷ ᠮᠣᠩᠭᠤᠯ ᠤᠨ ᠺᠦᠨ ᠵᠧ ᠪᠠᠷᠠᠭᠠᠨ ᠤ ᠭᠦᠢᠯᠭᠡᠭᠡᠨ ᠤ ᠬᠢᠵᠠᠭᠠᠷᠲᠤ ᠺᠣᠮᠫᠠᠨᠢ ᠠᠴᠠ ᠮᠡᠳᠡᠭᠡ ᠵᠠᠩᠭᠢᠵᠢᠯᠲᠠ ᠶᠢᠨ ᠪᠠᠷᠠᠭᠠᠨ ᠤ ᠭᠦᠢᠯᠭᠡᠭᠡᠨ ᠤ ᠬᠦᠷᠢᠶᠡᠯᠡᠩ ᠲᠣᠭᠤᠷᠢᠭ ᠤᠨ ᠡᠵᠡᠩᠨᠡᠯᠲᠡ ᠶᠢᠨ ᠬᠢᠨᠠᠯᠲᠠ ᠬᠠᠮᠢᠶᠠᠷᠤᠯᠲᠠ ᠶᠢᠨ ᠲᠠᠪᠴᠠᠩ ᠢ ᠬᠠᠷᠢᠭᠤᠴᠠᠨ ᠪᠠᠶᠢᠭᠤᠯᠵᠤ᠂ ᠲᠦᠷᠦᠭᠦᠯᠡᠨ ᠪᠦᠲᠦᠭᠡᠨ ᠪᠠᠶᠢᠭᠤᠯᠵᠤ᠂ ᠭᠤᠣᠯᠳᠠᠭᠤ ᠣᠷᠣᠨ ᠤ ᠬᠡᠰᠡᠭ ᠤᠨ ᠴᠥᠷᠬᠡᠯᠡᠭᠡ᠂ ᠲᠣᠮᠣ ᠳ᠋ᠠᠶᠢᠲ᠋ᠠ᠂ ᠡᠭᠦᠯᠡᠨ ᠪᠣᠳᠣᠯᠲᠠ ᠵᠡᠷᠭᠡ ᠮᠡᠷᠭᠡᠵᠢᠯ ᠢᠶᠠᠷ ᠲᠦᠰᠢᠭ ᠪᠣᠯᠭᠠᠵᠤ᠂ ᠰᠦᠯᠵᠢᠶ᠎ᠡ ᠪᠠᠷ ᠪᠠᠷᠠᠭ᠎ᠠ ᠲᠡᠭᠡᠭᠡᠪᠦᠷᠢᠯᠡᠬᠦ ᠬᠡᠷᠡᠭᠴᠡᠭᠡ ᠱᠠᠭᠠᠷᠳᠠᠯᠭ᠎ᠠ ᠶᠢᠨ ᠠᠵᠤ ᠠᠬᠤᠶᠢᠯᠠᠯ ᠳᠤ ᠡᠩ ᠤᠨ ᠦᠨ᠎ᠡ ᠪᠠᠷ ᠴᠢᠨᠠᠷ ᠰᠠᠶᠢᠲᠠᠢ ᠰᠦᠯᠵᠢᠶ᠎ᠡ ᠪᠠᠷ ᠪᠠᠷᠠᠭ᠎ᠠ ᠲᠡᠭᠡᠭᠡᠪᠦᠷᠢᠯᠡᠬᠦ ᠰᠢᠰᠲ᠋ᠧᠮ ᠢ ᠬᠠᠩᠭᠠᠵᠤ᠂ ᠵᠠᠰᠠᠭ ᠤᠨ ᠣᠷᠳᠣᠨ ᠳᠤ ᠲᠡᠷᠢᠭᠦᠨ ᠤ᠂ ᠬᠡᠰᠡᠭ ᠤᠨ ᠴᠥᠷᠬᠡᠯᠡᠭᠡ ᠶᠢᠨ ᠮᠡᠷᠭᠡᠵᠢᠯ ᠳᠤ ᠰᠠᠭᠤᠷᠢᠯᠠᠭᠰᠠᠨ ᠲᠤᠬᠠᠶᠢᠯᠠᠭᠰᠠᠨ ᠠᠵᠢᠯ ᠤᠨ ᠡᠵᠡᠩᠨᠡᠯᠲᠡ ᠶᠢᠨ ᠬᠢᠨᠠᠯᠲᠠ ᠬᠠᠮᠢᠶᠠᠷᠤᠯᠲᠠ ᠶᠢᠨ ᠲᠠᠪᠴᠠᠩ ᠢ ᠬᠠᠩᠭᠠᠵᠤ᠂ ᠬᠦᠷᠢᠶᠡᠯᠡᠩ ᠲᠣᠭᠤᠷᠢᠭ ᠲᠤ ᠣᠷᠣᠵᠤ ᠰᠠᠭᠤᠭᠰᠠᠨ ᠰᠦᠯᠵᠢᠶᠡᠨ ᠤ ᠪᠠᠷᠠᠭ᠎ᠠ ᠲᠡᠭᠡᠭᠡᠪᠦᠷᠢᠯᠡᠬᠦ ᠠᠵᠤ ᠠᠬᠤᠶᠢᠯᠠᠯ ᠵᠢᠴᠢ ᠠᠵᠤ ᠦᠢᠯᠡᠰ ᠤᠨ ᠬᠡᠯᠬᠢᠶ᠎ᠡ ᠶᠢᠨ ᠦᠢᠯᠡᠴᠢᠯᠡᠭᠡᠨ ᠤ ᠠᠵᠤ ᠠᠬᠤᠶᠢᠯᠠᠯ ᠳᠤ ᠨᠢᠭᠡ ᠯᠡ ᠥᠷᠲᠡᠭᠡᠨ ᠤ ᠮᠠᠶ᠋ᠢᠭ ᠤᠨ ᠶᠡᠷᠦᠩᠬᠡᠶᠢᠯᠡᠭᠰᠡᠨ ᠦᠢᠯᠡᠴᠢᠯᠡᠭᠡᠨ ᠢ ᠬᠠᠩᠭᠠᠨ᠎ᠠ᠃ ᠲᠤᠰ ᠺᠣᠮᠫᠠᠨᠢ 2022 ᠣᠨ ᠤ 10 ᠳ᠋ᠤᠭᠠᠷ ᠰᠠᠷ᠎ᠠ ᠳᠤ ᠴᠢᠩ ᠱᠦᠢ ᠾᠧ ᠰᠢᠶᠠᠨ ᠳᠤ ᠪᠠᠶᠢᠭᠤᠯᠤᠭᠳᠠᠨ ᠠᠰᠢᠭᠯᠠᠯᠲᠠ ᠳᠤ ᠣᠷᠣᠭᠰᠠᠨ ᠠᠴᠠ ᠨᠠᠰᠢ᠂ ᠤᠳᠤ ᠪᠣᠯᠲᠠᠯ᠎ᠠ᠂ ᠲᠠᠪᠴᠠᠩ ᠳᠤ ᠣᠷᠣᠵᠤ ᠰᠠᠭᠤᠭᠰᠠᠨ ᠠᠵᠤ ᠠᠬᠤᠶᠢᠯᠠᠯ 119 ᠭᠠᠷᠤᠢ᠂ ᠵᠥᠭᠡᠭᠡᠪᠦᠷᠢ ᠶᠢᠨ ᠮᠠᠰᠢᠨ ᠲᠡᠷᠭᠡ 5.6 ᠲᠦᠮᠡ ᠭᠠᠷᠤᠢ ᠪᠣᠯᠪᠠ︔ ᠡᠵᠡᠩᠨᠡᠯᠲᠡ ᠶᠢᠨ ᠨᠣᠷᠮ᠎ᠠ ᠶᠢ 6.1 ᠳ᠋ᠦᠩᠰᠢᠭᠤᠷ ᠲᠥᠭᠦᠷᠢᠭ ᠪᠡᠶᠡᠯᠡᠭᠦᠯᠵᠦ᠂ 4539 ᠲᠦᠮᠡᠨ ᠲᠥᠭᠦᠷᠢᠭ ᠤᠨ ᠭᠠᠶᠢᠯᠢ ᠶᠢᠨ ᠮᠥᠩᠭᠦ ᠲᠤᠰᠢᠶᠠᠪᠠ᠃ ᠢᠳᠡᠪᠬᠢᠲᠡᠢ ᠪᠠᠷ ᠬᠤᠳᠠᠯᠳᠤᠭᠠᠴᠢᠨ ᠤᠷᠢᠬᠤ ᠪᠠ ᠡᠵᠡᠩᠨᠡᠯᠲᠡ ᠬᠢᠬᠦ ᠪᠠᠷ ᠳᠠᠮᠵᠢᠭᠤᠯᠤᠨ᠂ 2023 ᠣᠨ ᠤ ᠪᠥᠬᠦ ᠵᠢᠯ ᠳᠤ ᠵᠢᠱᠢᠯᠲᠡ ᠪᠠᠷ ᠡᠵᠡᠩᠨᠡᠯᠲᠡ ᠶᠢᠨ ᠨᠣᠷᠮ᠎ᠠ ᠶᠢ 10 ᠳ᠋ᠦᠩᠰᠢᠭᠤᠷ ᠲᠥᠭᠦᠷᠢᠭ ᠪᠡᠶᠡᠯᠡᠭᠦᠯᠵᠦ᠂ ᠲᠤᠰᠢᠶᠠᠬᠤ ᠭᠠᠶᠢᠯᠢ ᠶᠢᠨ ᠮᠥᠩᠭᠦ ᠶᠢ 8000 ᠲᠦᠮᠡᠨ ᠲᠥᠭᠦᠷᠢᠭ ᠣᠷᠴᠢᠮ ᠳᠤ ᠬᠦᠷᠭᠡᠬᠦ ᠪᠣᠯᠣᠨ᠎ᠠ︔ ᠲᠤᠰ ᠭᠠᠵᠠᠷ ᠤᠨ ᠠᠵᠢᠯ ᠣᠯᠭᠤᠯᠲᠠ ᠶᠢ 28 ᠬᠥᠮᠥᠨ ᠤᠳᠠᠭ᠎ᠠ ᠰᠢᠢᠳᠪᠦᠷᠢᠯᠡᠬᠦ ᠪᠣᠯᠣᠨ᠎ᠠ᠃
 
ᠢᠷᠡᠯᠲᠡ᠄ ᠴᠢᠩ ᠱᠦᠢ ᠾᠧ ᠰᠢᠶᠠᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11002890号-1