︵ᠰᠤᠷᠪᠤᠯᠵᠢᠯᠠᠭᠴᠢ ᠶᠦᠨ ᠶᠠᠨ ᠹᠠᠩ︶ ᠣᠶᠢᠷ᠎ᠠ ᠳᠤ᠂ 2023 ᠣᠨ ᠤ ᠳᠤᠮᠳᠠᠳᠤ ᠤᠯᠤᠰ ᠤᠨ | ᠲᠦᠷᠦᠯ ᠲᠡᠮᠳᠡᠭᠲᠦ ᠤᠨ ᠡᠳᠦᠷ ᠤᠨ ᠠᠵᠢᠯᠯᠠᠭ᠎ᠠ ᠱᠠᠩᠬᠠᠢ ᠶᠢᠨ ᠳᠡᠯᠡᠬᠡᠢ ᠶᠢᠨ ᠦᠵᠡᠰᠬᠦᠯᠡᠩ ᠤᠨ ᠴᠤᠭᠯᠠᠭᠠᠨ ᠤ | ᠣᠷᠳᠣᠨ ᠳᠤ ᠶᠠᠪᠤᠭᠳᠠᠪᠠ᠃ ᠮᠠᠨ ᠤ ᠬᠤᠲᠠ 8 ᠲᠦᠷᠦᠯ ᠲᠡᠮᠳᠡᠭᠲᠦ ᠶᠢᠨ ᠠᠵᠤ ᠠᠬᠤᠶᠢᠯᠠᠯ ᠢ ᠰᠢᠯᠢᠨ ᠰᠣᠩᠭᠤᠵᠤ | ᠲᠤᠬᠠᠢ ᠶᠢᠨ ᠭᠠᠵᠠᠷ ᠤᠨ ᠦᠵᠡᠰᠬᠦᠯᠡᠩ ᠳᠤ ᠣᠷᠣᠯᠴᠠᠭᠤᠯᠵᠤ᠂ ᠬᠥᠬᠡᠬᠤᠲᠠ ᠶᠢᠨ ᠲᠦᠷᠦᠯ ᠲᠡᠮᠳᠡᠭᠲᠦ ᠶᠢᠨ | ᠪᠣᠳᠠᠲᠤ ᠬᠦᠴᠦᠨ ᠪᠠ ᠴᠤᠭ ᠵᠢᠪᠬᠤᠭ᠎ᠠ ᠶᠢ ᠳᠡᠯᠭᠡᠨ ᠦᠵᠡᠭᠦᠯᠪᠡ᠃ | ᠲᠣᠰ ᠤᠳᠠᠭᠠᠨ ᠤ ᠦᠵᠡᠰᠬᠦᠯᠡᠩ ᠳᠤ ᠥᠪᠥᠷ ᠮᠣᠩᠭᠤᠯ ᠤᠨ ᠲᠤᠬᠠᠢ ᠶᠢᠨ ᠭᠠᠵᠠᠷ ᠤᠨ ᠦᠵᠡᠰᠬᠦᠯᠡᠩ ᠤᠨ | ᠣᠷᠳᠣᠨ ᠳᠤ ︽ᠰᠣᠶᠣᠯ ᠢᠶᠠᠷ ᠵᠢᠭᠤᠯᠴᠢᠯᠠᠯ ᠢ ᠤᠬᠠᠭᠤᠯᠵᠤ ᠠᠭᠤᠰᠤᠯᠴᠠᠭᠤᠯᠤᠨ ᠬᠥᠭᠵᠢᠭᠦᠯᠬᠦ︾ ︽ᠲᠡᠭᠷᠢ ᠲᠠᠯ᠎ᠠ | ᠳᠡᠯᠡᠬᠡᠢ ᠶᠢᠨ ᠮᠠᠯᠵᠢᠯ ᠤᠨ ᠲᠠᠯᠠᠪᠠᠶ︾ ︽ᠳᠡᠭᠡᠳᠦ ᠲᠠᠰ ᠤᠨ ᠦᠢᠯᠡᠳᠬᠦ ᠦᠢᠯᠡᠰ ᠪᠣᠬᠢᠷᠲᠤᠯ ᠦᠭᠡᠢ ᠳᠤ | ᠬᠡᠯᠪᠡᠷᠢ ᠪᠠᠨ ᠬᠤᠪᠢᠷᠠᠭᠤᠯᠬᠤ︾ ︽ᠰᠢᠨᠵᠢᠯᠡᠬᠦ ᠤᠬᠠᠭᠠᠨ ᠮᠡᠷᠭᠡᠵᠢᠯ ᠤᠨ ᠬᠦᠴᠦᠨ ᠢᠶᠠᠷ ᠰᠢᠨ᠎ᠡ ᠤᠷᠤᠰᠬᠠᠯ ᠢ | ᠬᠥᠲᠥᠯᠬᠦ︾ ᠳᠥᠷᠪᠡᠨ ᠶᠡᠭᠡ ᠭᠤᠣᠯ ᠰᠡᠳᠦᠪᠲᠦ ᠬᠠᠪᠲᠠᠭᠠᠢ ᠭᠠᠷᠭᠠᠵᠠᠢ᠃ ᠮᠠᠨ ᠤ ᠬᠤᠲᠠ ᠶᠢᠨ ᠢᠯᠢ᠂ ᠮᠧᠩ ᠨᠢᠦ | ᠂ ᠮᠧᠩ ᠼᠤᠤ᠂ ᠶᠢᠨ ᠢᠦᠢ ᠪᠦᠦ ᠯᠢᠩ᠂ ᠳ᠋ᠠ ᠲᠠᠩ ᠡᠮ ᠤᠨ ᠦᠢᠯᠡᠰ᠂ ᠰᠢᠨᠬᠤᠸᠠ ᠲᠠᠷᠬᠠᠭᠠᠯᠲᠠ᠂ ᠶᠠᠨ ᠬᠥ᠋ ᠹᠠᠩ | ᠂ ᠯᠣᠸ ᠰᠦᠢ ᠶᠤᠸᠠᠨ ᠵᠡᠷᠭᠡ ᠣᠷᠣᠨ ᠨᠤᠲᠤᠭ ᠤᠨ 8 ᠠᠵᠤ ᠠᠬᠤᠶᠢᠯᠠᠯ ᠰᠢᠯᠢᠳᠡᠭ ᠪᠦᠲᠦᠭᠡᠭᠳᠡᠬᠦᠨ ᠢᠶᠠᠨ | ᠲᠥᠪᠯᠡᠷᠡᠭᠦᠯᠦᠨ ᠳᠡᠯᠭᠡᠨ ᠦᠵᠡᠭᠦᠯᠵᠦ᠂ ᠤᠯᠤᠰ ᠤᠨ ᠳᠣᠲᠣᠭᠠᠳᠤ ᠶᠢᠨ ᠨᠠᠷᠠᠲᠤ ᠲᠡᠮᠳᠡᠭᠲᠦ᠂ ᠠᠵᠤ ᠠᠬᠤᠶᠢᠯᠠᠯ ᠤᠨ | ᠰᠣᠯᠢᠯᠴᠠᠭ᠎ᠠ ᠪᠠ ᠬᠠᠮᠲᠤᠷᠠᠯᠴᠠᠭᠠᠨ ᠤ ᠲᠠᠪᠴᠠᠩ ᠳᠡᠭᠡᠷ᠎ᠡ ᠮᠠᠨ ᠤ ᠬᠤᠲᠠ ᠶᠢᠨ ᠲᠥᠷᠥᠯ ᠲᠡᠮᠳᠡᠭᠲᠦ ᠶᠢᠨ ᠬᠦᠴᠦᠨ | ᠴᠢᠳᠠᠯ ᠢ ᠬᠠᠷᠠᠭᠤᠯᠵᠤ᠂ ᠤᠳᠤᠬᠠᠨ ᠤ ᠮᠠᠨ ᠤ ᠬᠤᠲᠠ ᠶᠢᠨ ᠴᠠᠭ ᠦᠶ᠎ᠡ ᠶᠢᠨ ᠳᠦᠷᠢ ᠲᠥᠷᠬᠦ ᠶᠢ ᠪᠥᠬᠦ ᠲᠠᠯ᠎ᠠ ᠪᠠᠷ | ᠳᠡᠯᠭᠡᠨ ᠦᠵᠡᠭᠦᠯᠵᠡᠢ᠃ | ᠣᠶᠢᠷ᠎ᠠ ᠶᠢᠨ ᠵᠢᠯ ᠤᠳ ᠲᠤ᠂ ᠮᠠᠨ ᠤ ᠬᠤᠲᠠ ᠲᠦᠷᠦᠯ ᠲᠡᠮᠳᠡᠭᠲᠦ ᠶᠢᠨ ᠪᠠᠶᠢᠭᠤᠯᠤᠯᠲᠠ ᠶᠢ ᠴᠢᠨᠠᠷ ᠰᠠᠶᠢᠲᠠᠢ | ᠬᠠᠩᠭᠠᠯᠭ᠎ᠠ᠂ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠴᠢᠬᠤᠯᠠ ᠭᠠᠷᠳᠠᠴᠠ ᠪᠣᠯᠭᠠᠬᠤ ᠶᠢ ᠪᠠᠷᠢᠮᠲᠠᠯᠠᠵᠤ᠂ | ᠦᠢᠯᠡᠳᠪᠦᠷᠢᠯᠡᠯ ᠪᠠ ᠬᠡᠷᠡᠭᠯᠡᠭᠡ ᠶᠢᠨ ᠳᠡᠰ ᠳᠡᠪᠰᠢᠬᠦ ᠬᠡᠷᠡᠭᠴᠡᠭᠡ ᠳᠤ ᠰᠠᠨᠠᠭᠠᠴᠢᠯᠠᠭ᠎ᠠ ᠠᠴᠠ ᠪᠠᠨ ᠵᠣᠬᠢᠴᠠᠵᠤ᠂ ᠴᠢᠨᠠᠷ | ᠰᠠᠶᠢᠲᠠᠢ ᠦᠢᠯᠡᠴᠢᠯᠡᠭᠡ ᠪᠠ ᠦᠢᠯᠡᠳᠬᠦᠨ ᠤ ᠬᠠᠩᠭᠠᠯᠭ᠎ᠠ ᠶᠢ ᠦᠷᠭᠦᠯᠵᠢᠯᠡᠨ ᠥᠷᠭᠡᠳᠬᠡᠵᠦ᠂ ᠶᠠᠰᠤ ᠴᠢᠨᠠᠷ ᠤᠨ | ᠳᠠᠪᠠᠭᠤᠯᠢᠭ ᠢ ᠪᠣᠶᠢᠵᠢᠭᠤᠯᠬᠤ᠂ ᠲᠥᠷᠥᠯ ᠲᠡᠮᠳᠡᠭᠲᠦ ᠶᠢᠨ ᠠᠮᠢᠵᠢᠷᠠᠯ ᠤᠨ ᠬᠦᠴᠦᠨ ᠢ ᠳᠡᠭᠡᠭᠰᠢᠯᠡᠭᠦᠯᠬᠦ᠂ | ᠬᠥᠭᠵᠢᠯᠲᠡ ᠶᠢᠨ ᠰᠠᠶᠢᠨ ᠰᠠᠶᠢᠬᠠᠨ ᠣᠷᠴᠢᠨ ᠲᠣᠭᠤᠷᠢᠨ ᠢ ᠪᠣᠶ ᠪᠣᠯᠭᠠᠬᠤ᠂ | ᠠᠵᠢᠯ ᠤᠨ ᠪᠠᠲᠤᠯᠠᠭ᠎ᠠ ᠶᠢ ᠴᠢᠩᠭᠠᠳᠬᠠᠬᠤ ᠵᠡᠷᠭᠡ ᠲᠠᠯ᠎ᠠ ᠪᠠᠷ ᠠᠵᠤ ᠠᠬᠤᠶᠢᠯᠠᠯ ᠢ ᠢᠳᠡᠪᠬᠢᠲᠡᠢ ᠪᠠᠷ ᠬᠥᠲᠥᠯᠥᠨ | ᠵᠢᠯᠤᠭᠤᠳᠴᠤ ᠲᠥᠷᠥᠯ ᠲᠡᠮᠳᠡᠭᠲᠦ ᠶᠢᠨ ᠪᠠᠶᠢᠭᠤᠯᠤᠯᠲᠠ᠂ ᠲᠥᠷᠥᠯ ᠲᠡᠮᠳᠡᠭᠲᠦ ᠶᠢᠨ ᠪᠣᠶᠢᠵᠢᠯᠲᠠ ᠶᠢ | ᠴᠢᠬᠤᠯᠠᠴᠢᠯᠠᠵᠤ᠂ ᠲᠥᠷᠥᠯ ᠲᠡᠮᠳᠡᠭᠲᠦ ᠶᠢᠨ ᠥᠷᠢᠰᠦᠯᠳᠦᠬᠦ ᠬᠦᠴᠦᠨ ᠢ ᠴᠢᠩᠭᠠᠷᠠᠭᠤᠯᠤᠨ᠂ ᠶᠠᠰᠤ ᠴᠢᠨᠠᠷ ᠤᠨ | ᠬᠦᠴᠦᠷᠬᠡᠭ ᠬᠤᠲᠠ ᠶᠢ ᠲᠦᠷᠭᠡᠳᠬᠡᠨ ᠪᠠᠶᠢᠭᠤᠯᠵᠤ᠂ ᠪᠥᠬᠦ ᠬᠤᠲᠠ ᠶᠢᠨ ᠶᠠᠰᠤ ᠴᠢᠨᠠᠷ ᠤᠨ ᠬᠢᠷᠢ ᠲᠦᠪᠰᠢᠨ ᠪᠠ | ᠲᠥᠷᠥᠯ ᠲᠡᠮᠳᠡᠭᠲᠦ ᠶᠢᠨ ᠳᠠᠪᠠᠭᠤᠯᠢᠭ ᠢ ᠦᠷᠭᠦᠯᠵᠢᠯᠡᠨ ᠳᠡᠭᠡᠭᠰᠢᠯᠡᠭᠦᠯᠪᠡ᠃ | ᠢᠷᠡᠯᠲᠡ᠄ ᠬᠥᠬᠡᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ |