ᠥᠪᠥᠷ ᠮᠣᠩᠭᠤᠯ ᠤᠨ ᠴᠢᠩ ᠱᠦᠢ ᠾᠧ ᠰᠢᠶᠠᠨ ᠤ ᠯᠣᠣ ᠨᠢᠦ ᠫᠦᠸᠧ ᠲᠣᠰᠬᠤᠨ᠄ ᠰᠣᠶᠣᠯ ᠵᠢᠭᠤᠯᠴᠢᠯᠠᠯ ᠢ ᠮᠠᠨᠳᠤᠭᠤᠯᠤᠨ ᠡᠷᠲᠡ ᠴᠢᠯᠦᠭᠡᠯᠡᠭᠳᠡᠭᠰᠡᠨ ᠣᠷᠣᠨ ᠤ ᠰᠢᠨ᠎ᠡ ᠳᠦᠷᠰᠦ ᠪᠠᠶᠢᠳᠠᠯ ᠢ ᠪᠤᠢ ᠪᠣᠯᠭᠠᠨ᠎ᠠ
ᠨᠡᠶᠢᠲᠡᠯᠡᠭᠰᠡᠨ ᠴᠠᠭ᠄
2024/3/28
     ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ·ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠤᠨ᠎ᠠ · ᠬᠥᠳᠡᠭᠡ ᠲᠣᠰᠬᠤᠨ ᠳᠤ ᠬᠦᠷᠴᠦ ᠬᠥᠭᠵᠢᠯ ᠮᠠᠨᠳᠤᠯ ᠢ ᠦᠵᠡᠶ᠎ᠡ      ᠴᠠᠭᠠᠨ ᠬᠡᠷᠡᠮ ᠤᠨ ᠬᠤᠷᠮᠣᠢ ᠳᠤ᠂ ᠬᠠᠳᠤᠨ ᠭᠤᠣᠯ ᠤᠨ ᠬᠥᠪᠡᠭᠡᠨ ᠳᠤ᠂ ᠬᠤᠪᠢᠰᠬᠠᠯ ᠤᠨ ᠲᠡᠦᠬᠡ ᠲᠠᠢ ᠲᠣᠰᠬᠤᠨ ᠪᠠᠶᠢᠳᠠᠭ ︱ ᠥᠪᠥᠷ ᠮᠣᠩᠭᠤᠯ ᠤᠨ ᠬᠥᠬᠡᠬᠤᠲᠠ ᠶᠢᠨ ᠴᠢᠩ ᠱᠦᠢ ᠾᠧ ᠰᠢᠶᠠᠨ ᠤ ᠪᠧᠢ ᠪᠦᠦ ᠰᠢᠶᠠᠩ ᠤᠨ ᠯᠣᠣ ᠨᠢᠦ ᠫᠦᠸᠧ ᠲᠣᠰᠬᠤᠨ᠃ ᠠᠳᠡ ᠱᠠᠨ ᠰᠢ ᠱᠠᠨᠰᠢ ᠥᠪᠥᠷ ᠮᠣᠩᠭᠤᠯ ᠤᠨ ᠭᠤᠷᠪᠠᠨ ᠮᠤᠵᠢ ᠣᠷᠣᠨ ᠤ ᠠᠭᠤᠯᠵᠠᠷ ᠲᠤ ᠬᠠᠮᠤᠭ ᠡᠷᠲᠡ ᠪᠠᠶᠢᠭᠤᠯᠤᠭᠳᠠᠭᠰᠠᠨ ᠬᠥᠳᠡᠭᠡ ᠲᠣᠰᠬᠤᠨ ᠤ ᠨᠠᠮ ᠤᠨ ᠡᠭᠦᠷ᠂ ᠪᠧᠢ ᠪᠦᠦ ᠶᠢᠨ ᠶᠠᠫᠤᠨ ᠢ ᠡᠰᠡᠷᠭᠦᠴᠡᠬᠦ ᠳᠠᠶᠢᠨ ᠤ ᠪᠠᠭᠤᠷᠢ ᠵᠡᠷᠭᠡ ᠪᠤᠶ᠃ ᠥᠨᠥᠳᠥᠷ ᠤᠨ ᠯᠣᠣ ᠨᠢᠦ ᠫᠦᠸᠧ ᠲᠣᠰᠬᠤᠨ ᠳᠤ᠂ ᠲᠣᠰᠬᠤᠨ ᠤ ᠠᠷᠠᠳ ᠤᠳ ᠲᠣᠰᠬᠤᠨ ᠤ ᠨᠠᠮ ᠤᠨ ᠶᠡᠷᠦᠩᠬᠡᠢ ᠡᠭᠦᠷ ᠤᠨ ᠳᠠᠭᠠᠭᠤᠯᠭ᠎ᠠ ᠪᠠᠷ᠂ ᠠᠵᠤ ᠦᠢᠯᠡᠰ ᠬᠥᠭᠵᠢᠨ ᠮᠠᠨᠳᠤᠵᠤ᠂ ᠠᠮᠢ ᠠᠬᠤᠢ ᠣᠷᠣᠰᠢᠨ ᠰᠠᠭᠤᠬᠤ ᠳᠤ ᠲᠣᠬᠢᠷᠠᠮᠵᠢᠲᠠᠢ᠂ ᠠᠮᠢᠳᠤᠷᠠᠯ ᠪᠠᠶᠠᠨ ᠴᠢᠨᠡᠭᠡᠯᠢᠭ ᠪᠣᠯᠵᠤ᠂ ᠠᠮᠢᠳᠤᠷᠠᠯ ᠶᠠᠪᠤᠬᠤ ᠲᠤᠳᠤᠮ ᠥᠭᠡᠳᠡᠯᠡᠵᠦ ᠪᠠᠶᠢᠨ᠎ᠠ᠃      ᠴᠢᠩ ᠱᠦᠢ ᠾᠧ ᠰᠢᠶᠠᠨ ᠤ ᠯᠣᠣ ᠨᠢᠦ ᠫᠦᠸᠧ ᠲᠣᠰᠬᠤᠨ ᠳᠤ ᠬᠦᠷᠬᠦ ᠳᠤ᠂ ᠭᠡᠷ ᠨᠢ ᠴᠡᠪᠡᠷ ᠴᠡᠮᠴᠡᠭᠡᠷ ᠪᠠᠶᠢᠵᠤ᠂ ᠭᠡᠷ ᠤᠨ ᠭᠠᠳᠠᠨᠠᠬᠢ ᠣᠷᠴᠢᠨ ᠲᠣᠭᠤᠷᠢᠨ ᠨᠢ ᠭᠤᠶᠢᠳᠠ ᠰᠠᠶᠢᠬᠠᠨ᠂ ᠬᠦᠷᠢᠶᠡᠨ ᠤ ᠳᠣᠲᠣᠨ᠎ᠠ ᠭᠠᠳᠠᠨ᠎ᠠ ᠴᠡᠴᠡᠭ ᠡᠪᠡᠰᠦ ᠵᠢᠮᠢᠰ ᠤᠨ ᠮᠣᠳᠣ ᠲᠡᠷᠢ ᠲᠡᠭᠰᠢ ᠬᠠᠷᠠᠭᠳᠠᠵᠤ᠂ ᠦᠯᠡᠳᠡᠵᠦ ᠬᠤᠴᠣᠷᠤᠭᠰᠠᠨ ᠰᠢᠷᠣᠢ ᠶᠢᠨ ᠨᠦᠬᠡᠨ ᠭᠡᠷ᠂ ᠴᠢᠯᠠᠭᠤᠨ ᠬᠡᠷᠡᠮ ᠤᠨ ᠬᠦᠷᠢᠶ᠎ᠡ ᠨᠢ ᠨᠣᠭᠤᠭᠠᠨ ᠤ ᠬᠦᠷᠢᠶᠡᠯᠡᠩ᠂ ᠴᠡᠴᠡᠭ ᠤᠨ ᠬᠦᠷᠢᠶᠡᠯᠡᠩ᠂ ᠵᠢᠮᠢᠰ ᠤᠨ ᠬᠦᠷᠢᠶᠡᠯᠡᠩ ᠪᠣᠯᠣᠨ ᠬᠤᠪᠢᠷᠠᠵᠠᠢ᠃ ᠵᠤᠨ ᠤ ᠤᠯᠠᠷᠢᠯ ᠳᠤ ᠠᠶᠢᠯ ᠲᠣᠰᠬᠤᠨ ᠳᠤ ᠨᠣᠮ ᠦᠵᠡᠬᠦ᠂ ᠪᠥᠮᠪᠦᠭᠡ ᠨᠠᠭᠠᠳᠬᠤ᠂ ᠤᠷᠠᠨ ᠰᠠᠶᠢᠬᠠᠨ ᠤ ᠠᠵᠢᠯᠯᠠᠭ᠎ᠠ ᠳᠤ ᠣᠷᠣᠯᠴᠠᠬᠤ ᠬᠥᠮᠥᠨ ᠣᠯᠠᠰᠢᠷᠠᠳᠠᠭ︔ ᠬᠦᠯᠡᠮᠵᠢ ᠶᠢᠨ ᠲᠠᠷᠢᠶᠠᠨ ᠳᠤ ᠲᠠᠷᠢᠬᠤ ᠪᠠ ᠲᠡᠵᠢᠭᠡᠨ ᠦᠷᠡᠵᠢᠭᠦᠯᠬᠦ ᠮᠡᠷᠭᠡᠵᠢᠯ ᠢ ᠰᠤᠷᠴᠤ ᠪᠠᠶᠢᠭ᠎ᠠ ᠬᠥᠮᠥᠨ ᠤᠯᠠᠨ ᠪᠣᠯᠪᠠ︔  ᠰᠢᠭᠤᠳ ᠨᠡᠪᠲᠡᠷᠡᠭᠦᠯᠭᠡ ᠶᠢᠨ ᠲᠠᠰᠤᠭ ᠲᠤ᠂ ᠰᠢᠨᠵᠢᠯᠡᠬᠦ ᠤᠬᠠᠭᠠᠨ ᠮᠡᠷᠭᠡᠵᠢᠯ ᠤᠨ ᠵᠢᠱᠢᠶ᠎ᠡ ᠦᠵᠡᠭᠦᠯᠬᠦ ᠡᠷᠦᠬᠡ᠂ ᠪᠠᠶᠠᠵᠢᠯ ᠤᠨ ᠴᠢᠳᠠᠪᠤᠷᠢᠲᠠᠨ ᠴᠤ ᠣᠯᠠᠰᠢᠷᠠᠵᠤ᠂ ᠪᠦᠬᠦ ᠲᠣᠰᠬᠤᠨ ᠢᠶᠠᠷ ᠢᠶᠠᠨ ᠪᠠᠶᠠᠷ ᠪᠠᠶᠠᠰᠬᠤᠯᠠᠩ ᠲᠠᠢ ᠪᠠᠶᠢᠯ᠎ᠠ᠃      ᠭᠡᠲᠡᠯ᠎ᠡ ᠥᠩᠭᠡᠷᠡᠭᠰᠡᠨ ᠤ ᠯᠣᠣ ᠨᠢᠦ ᠫᠦᠸᠧ ᠲᠣᠰᠬᠤᠨ ᠤ ᠭᠠᠵᠠᠷ ᠰᠢᠷᠣᠢ ᠨᠢ ᠲᠠᠴᠢᠷ ᠨᠢᠮᠭᠡᠨ᠂ ᠭᠠᠩ ᠬᠠᠭᠤᠷᠠᠢ ᠪᠣᠷᠣᠭᠠᠨ ᠪᠠᠭ᠎ᠠ ᠪᠠᠶᠢᠭᠰᠠᠨ ᠤ ᠳᠡᠭᠡᠷ᠎ᠡ ᠣᠷᠣᠨ ᠪᠠᠶᠢᠷᠢ ᠨᠢ ᠪᠦᠲᠡ ᠪᠥᠭᠯᠡᠭᠦᠦ᠂ ᠵᠠᠮ ᠬᠠᠷᠢᠯᠴᠠᠭ᠎ᠠ ᠳᠥᠭᠦᠮ ᠦᠭᠡᠢ ᠠᠴᠠ ᠪᠣᠯᠵᠤ᠂ ᠵᠢᠩᠬᠢᠨᠢ ︽ᠪᠣᠶᠢᠲᠠ ᠪᠥᠭᠯᠡᠭᠦᠦ ᠭᠠᠵᠠᠷ︾ ᠪᠠᠶᠢᠭᠰᠠᠨ ᠪᠠᠶᠢᠳᠠᠭ᠃ ᠬᠥᠭᠵᠢᠯᠲᠡ ᠶᠢᠨ ᠡᠩᠨᠡᠭᠡᠨ ᠳᠤ ︽ᠲᠦᠰᠢᠭ ᠲᠤᠯᠭᠠᠭᠤᠷᠢ︾ ︽ᠰᠢᠨ᠎ᠡ ᠬᠦᠴᠦᠨ︾ ᠳᠤᠲᠠᠭᠳᠠᠵᠤ᠂ ᠰᠢᠨ᠎ᠡ ᠬᠥᠭᠵᠢᠯᠲᠡ ᠶᠢᠨ ᠰᠡᠳᠬᠢᠴᠡ ︽ᠤᠷᠤᠭᠰᠢᠯᠠᠵᠤ ᠳᠡᠶᠢᠯᠬᠦ ᠦᠭᠡᠢ︾ ︽ᠨᠠᠶᠢᠳᠠᠪᠤᠷᠢᠵᠢᠵᠤ ᠳᠡᠶᠢᠯᠬᠦ ᠦᠭᠡᠢ︾ ᠪᠣᠯᠵᠤ᠂ ᠠᠵᠤ ᠦᠢᠯᠡᠰ ᠤᠨ ᠰᠠᠭᠤᠷᠢ ᠪᠠᠭᠤᠷᠠᠢ ᠪᠣᠯᠵᠤ᠂ ᠪᠡᠶ᠎ᠡ ᠪᠠᠨ ᠳᠠᠭᠠᠭᠠᠭᠰᠠᠨ ᠦᠢᠯᠡᠳᠪᠦᠷᠢᠯᠡᠯ ᠡᠵᠡᠩᠨᠡᠯᠲᠡ ᠶᠢᠨ ᠴᠢᠨᠠᠷᠲᠠᠢ ᠣᠷᠣᠯᠭ᠎ᠠ ᠠᠷᠪᠢᠨ ᠪᠢᠰᠢ ᠪᠣᠯᠵᠤ᠂ ᠬᠤᠶᠠᠳᠤᠭᠠᠷ᠂ ᠭᠤᠷᠪᠠᠳᠤᠭᠠᠷ ᠠᠵᠤ ᠦᠢᠯᠡᠰ ᠤᠨ ᠳᠡᠮᠵᠢᠯᠭᠡ ᠳᠤᠲᠠᠭᠳᠠᠵᠤ ᠪᠠᠶᠢᠯ᠎ᠠ᠃      ᠡᠳᠡᠭᠡᠷ ᠠᠰᠠᠭᠤᠳᠠᠯ ᠤᠨ ᠡᠮᠦᠨ᠎ᠡ᠂ ᠯᠣᠣ ᠨᠢᠦ ᠫᠦᠸᠧ ᠲᠣᠰᠬᠤᠨ ᠤ ᠨᠠᠮ ᠤᠨ ᠡᠭᠦᠷ ᠨᠢ ᠨᠠᠮ ᠤᠨ ᠪᠠᠶᠢᠭᠤᠯᠤᠯᠲᠠ ᠪᠠᠷ ᠵᠢᠯᠣᠭᠤᠳᠤᠯᠭ᠎ᠠ ᠪᠣᠯᠭᠠᠵᠤ᠂ ᠪᠦᠬᠦ ᠰᠢᠶᠠᠨ ᠤ ᠬᠤᠪᠢᠰᠬᠠᠯ ᠤᠨ ᠰᠣᠶᠣᠯ ᠤᠨ ᠵᠢᠭᠤᠯᠴᠢᠯᠠᠯ ᠢ ᠶᠡᠬᠡᠪᠡᠷ ᠬᠥᠭᠵᠢᠭᠦᠯᠬᠦ ᠠᠵᠠ ᠲᠣᠬᠢᠶᠠᠯ ᠢ ᠠᠰᠢᠭᠯᠠᠨ᠂ ᠬᠤᠪᠢᠰᠬᠠᠯ ᠤᠨ ᠰᠣᠶᠣᠯ ᠤᠨ ᠵᠢᠭᠤᠯᠴᠢᠯᠠᠯ ᠢᠶᠠᠷ ᠬᠤᠪᠢᠰᠬᠠᠯ ᠤᠨ ᠬᠠᠭᠤᠴᠢᠨ ᠰᠠᠭᠤᠷᠢᠨ ᠭᠠᠵᠠᠷ ᠤᠨ ᠬᠥᠭᠵᠢᠯᠲᠡ ᠶᠢ ᠲᠠᠶᠢᠴᠢᠯᠠᠵᠦ᠂ ᠬᠤᠪᠢᠰᠬᠠᠯ ᠤᠨ ᠰᠣᠶᠣᠯ ᠤᠨ ᠵᠢᠭᠤᠯᠴᠢᠯᠠᠯ ᠤᠨ ᠰᠢᠨ᠎ᠡ ᠨᠡᠷ᠎ᠡ ᠶᠢᠨ ᠬᠠᠭᠤᠳᠠᠰᠤ ᠶᠢ ᠡᠭᠦᠳᠴᠡᠢ᠃      ︽ᠠᠰᠠᠭᠤᠳᠠᠯ ᠲᠤᠯᠭᠠᠷᠠᠬᠤ ᠦᠶ᠎ᠡ ᠳᠤ᠂ ᠲᠣᠰᠬᠤᠨ ᠤ ᠨᠠᠮ ᠤᠨ ᠶᠡᠷᠦᠩᠬᠡᠢ ᠡᠭᠦᠷ᠂ ᠲᠣᠰᠬᠤᠨ ᠤ︿ᠬᠤᠶᠠᠷ ᠵᠥᠪᠯᠡᠯ﹀ᠪᠣᠯᠣᠨ ᠲᠣᠰᠬᠤᠨ ᠳᠤ ᠰᠠᠭᠤᠬᠤ ᠠᠵᠢᠯᠯᠠᠬᠤ ᠠᠩᠭᠢ ᠪᠠᠷᠤᠭ ᠡᠳᠦᠷ ᠪᠣᠯᠭᠠᠨ ᠵᠥᠪᠳᠡᠵᠦ ᠪᠠᠶᠢᠯ᠎ᠠ᠃ ᠲᠣᠰᠬᠤᠨ ᠳᠤ ᠣᠲᠣ ᠲᠠᠷᠢᠶᠠᠯᠠᠩ ᠤᠨ ᠲᠠᠷᠢᠮᠠᠯ ᠤᠨ ᠲᠣᠮᠣ ᠡᠷᠦᠬᠡ 18᠂ ᠬᠡᠪᠴᠢᠶᠡᠵᠢᠭᠦᠯᠦᠭᠰᠡᠨ ᠲᠡᠵᠢᠭᠡᠨ ᠦᠷᠡᠵᠢᠭᠦᠯᠬᠦ ᠲᠤᠰᠬᠠᠢ ᠡᠷᠦᠬᠡ 16 ᠪᠣᠶ︔ 3500 ᠭᠠᠷᠤᠢ ᠲᠣᠯᠣᠭᠠᠢ ᠮᠠᠯ ᠲᠡᠵᠢᠭᠡᠵᠦ᠂ ᠣᠨᠴᠠᠯᠢᠭᠲᠤ ᠲᠠᠷᠢᠮᠠᠯ ᠤᠨ ᠦᠢᠯᠡᠰ ᠨᠢ ᠡᠷᠳᠡᠨᠢ ᠰᠢᠰᠢ᠂ ᠠᠮᠤ ᠪᠤᠳᠠᠭ᠎ᠠ᠂ ᠲᠥᠮᠥᠰᠥ᠂ ᠲᠣᠰᠣᠯᠢᠭ ᠲᠠᠷᠢᠮᠠᠯ ᠢᠶᠠᠷ ᠭᠤᠣᠯ ᠪᠣᠯᠭᠠᠨ᠎ᠠ᠃ ᠭᠡᠪᠡᠴᠦ ᠤᠯᠠᠮᠵᠢᠯᠠᠯᠲᠤ ᠪᠣᠷᠤᠯᠠᠭᠤᠯᠭ᠎ᠠ ᠶᠢᠨ ᠵᠠᠭᠪᠤᠷ ᠲᠤ ᠲᠦᠰᠢᠭᠯᠡᠭᠡᠳ ᠪᠣᠷᠤᠯᠠᠭᠤᠯᠭ᠎ᠠ ᠶᠢᠨ ᠵᠠᠮ ᠢ ᠨᠡᠭᠡᠭᠡᠵᠦ ᠴᠢᠳᠠᠬᠤ ᠦᠭᠡᠢ ᠶᠤᠮ᠃ ᠡᠶᠢᠮᠦ ᠠᠴᠠ᠂ ᠲᠣᠰᠬᠤᠨ ᠤ ᠨᠠᠮ ᠤᠨ ᠶᠡᠷᠦᠩᠬᠡᠢ ᠡᠭᠦᠷ ᠤᠨ ᠬᠢᠨ ᠲᠣᠰᠬᠤᠨ ᠤ ᠪᠣᠳᠠᠲᠤ ᠪᠠᠶᠢᠳᠠᠯ ᠪᠠ ᠠᠷᠠᠳ ᠣᠯᠠᠨ ᠤ ᠬᠡᠷᠡᠭᠴᠡᠭᠡ ᠱᠠᠭᠠᠷᠳᠠᠯᠭ᠎ᠠ ᠲᠠᠢ ᠤᠶᠠᠯᠳᠤᠭᠤᠯᠤᠨ᠂ ︿ᠳᠠᠷᠢᠵᠤ ᠲᠡᠵᠢᠭᠡᠬᠦ ᠶᠢ ᠤᠶᠠᠯᠳᠤᠭᠤᠯᠵᠤ᠂ ᠵᠢᠭᠤᠯᠴᠢᠯᠠᠯ ᠳᠤ ᠲᠦᠰᠢᠭᠯᠡᠬᠦ﹀ ᠬᠥᠭᠵᠢᠯᠲᠡ ᠶᠢᠨ ᠰᠡᠳᠬᠢᠮᠵᠢ ᠶᠢ ᠲᠣᠭᠲᠠᠭᠠᠵᠤ᠂ ᠬᠤᠪᠢᠰᠬᠠᠯᠲᠤ ᠵᠢᠭᠤᠯᠴᠢᠯᠠᠯ ᠢᠶᠠᠷ ᠳᠠᠮᠵᠢᠭᠤᠯᠤᠨ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠤ ᠪᠣᠷᠤᠯᠠᠭᠤᠯᠭ᠎ᠠ ᠶᠢ ᠳᠠᠶᠢᠴᠢᠯᠠᠬᠤ ᠰᠠᠨᠠᠭ᠎ᠠ ᠲᠠᠢ ᠪᠠᠶᠢᠯ᠎ᠠ︾ ᠭᠡᠵᠦ ᠲᠣᠰᠬᠤᠨ ᠤ ᠨᠠᠮ ᠤᠨ ᠡᠭᠦᠷ ᠤᠨ ᠱᠦᠵᠢ ᠭᠤᠸ ᠶᠦᠨ ᠰᠤᠷᠪᠤᠯᠵᠢᠯᠠᠭᠴᠢ ᠳᠤ ᠬᠡᠯᠡᠪᠡ᠃      ᠯᠣᠣ ᠨᠢᠦ ᠫᠦᠸᠧ ᠲᠣᠰᠬᠤᠨ ᠤ ᠬᠢᠨ ᠲᠠᠷᠢᠮᠠᠯ ᠤᠨ ᠦᠢᠯᠡᠰ ᠤᠨ ᠣᠨᠴᠠᠯᠢᠭᠲᠤ ᠳᠠᠪᠠᠭᠤᠯᠢᠭ ᠢᠶᠠᠨ ᠬᠠᠳᠠᠭᠠᠯᠠᠭᠰᠠᠨ ᠰᠠᠭᠤᠷᠢᠨ ᠳᠡᠭᠡᠷ᠎ᠡ᠂ ᠲᠤᠰ ᠲᠣᠰᠬᠤᠨ ᠤ ᠪᠠᠨ ᠡᠬᠢ ᠪᠠᠶᠠᠯᠢᠭ ᠪᠣᠯᠣᠨ ᠨᠡᠶᠢᠭᠡᠮ ᠤᠨ ᠡᠬᠢ ᠪᠠᠶᠠᠯᠢᠭ ᠢ ᠠᠰᠢᠭᠯᠠᠨ ᠨᠠᠷᠢᠯᠢᠭ ᠡᠳ᠋ᠰᠢᠭᠦᠯᠬᠦ ᠲᠠᠪᠴᠠᠩ ᠢ ᠪᠠᠶᠢᠭᠤᠯᠵᠤ᠂ ᠲᠡᠵᠢᠭᠡᠨ ᠦᠷᠡᠵᠢᠭᠦᠯᠬᠦ ᠦᠢᠯᠡᠰ᠂ ᠵᠢᠭᠤᠯᠴᠢᠯᠠᠯ ᠤᠨ ᠦᠢᠯᠡᠰ ᠲᠠᠢ ᠬᠠᠮᠵᠢᠯᠴᠠᠨ ᠬᠥᠭᠵᠢᠭᠦᠯᠵᠦ᠂ ᠲᠠᠷᠢᠶᠠᠯᠠᠩ ᠲᠤᠰᠠᠯᠠᠬᠤ ᠠᠵᠤ ᠠᠬᠤᠢ ᠶᠢᠨ ᠪᠦᠲᠦᠭᠡᠭᠳᠡᠬᠦᠨ ᠢ ᠨᠠᠷᠢᠯᠢᠭᠵᠢᠭᠤᠯᠬᠤ᠂ ᠤᠬᠢ ᠰᠢᠯᠢᠳᠡᠭᠵᠢᠭᠦᠯᠬᠦ᠂ ᠲᠦᠷᠦᠯ ᠲᠡᠮᠳᠡᠭᠵᠢᠭᠦᠯᠬᠦ ᠶᠢ ᠪᠡᠶᠡᠯᠡᠭᠦᠯᠵᠦ᠂ ᠦᠢᠯᠡᠳᠪᠦᠷᠢᠯᠡᠬᠦ᠂ ᠬᠠᠩᠭᠠᠬᠤ᠂ ᠪᠣᠷᠣᠯᠠᠭᠤᠯᠬᠤ ᠠᠵᠤ ᠦᠢᠯᠡᠰ ᠤᠨ ᠬᠡᠯᠬᠢᠶ᠎ᠡ ᠶᠢ ᠨᠠᠪᠲᠠᠷᠡᠭᠦᠯᠵᠦ᠂ ᠬᠤᠪᠢᠰᠬᠠᠯ ᠤᠨ ᠳᠤᠷᠠᠰᠬᠠᠯᠲᠤ ᠵᠢᠭᠤᠯᠴᠢᠯᠠᠯ ᠢᠶᠠᠷ ᠳᠠᠮᠵᠢᠭᠤᠯᠤᠨ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠤ ᠪᠣᠷᠤᠯᠠᠭᠤᠯᠭ᠎ᠠ ᠶᠢ ᠤᠯᠠᠮ ᠴᠢᠨᠠᠭᠰᠢᠳᠠ ᠳᠠᠶᠢᠴᠢᠯᠠᠪᠠ᠃      ᠲᠠᠷᠢᠶᠠᠴᠢᠨ ᠬᠠᠨ ᠯᠢᠶᠠᠨ ᠱᠧᠩ ᠪᠣᠯ ᠳᠠᠷᠤᠢ ᠯᠣᠣ ᠨᠢᠦ ᠫᠥᠸᠧ ᠶᠢᠨ ᠨᠠᠮᠴᠢ ᠴᠢᠨᠠᠷ ᠤᠨ ᠬᠥᠮᠦᠵᠢᠯ ᠤᠨ ᠰᠠᠭᠤᠷᠢᠨ ᠭᠠᠵᠠᠷ ᠤᠨ ᠣᠶᠢᠷᠠᠯᠴᠠᠭ᠎ᠠ ᠨᠢᠭᠡᠳᠦᠭᠡᠷ ᠭᠡᠷ ᠤᠨ ᠴᠠᠬᠢᠯᠭᠠᠨ ᠬᠡᠷᠡᠭᠰᠡᠯ ᠤᠨ ᠬᠤᠳᠠᠯᠳᠤᠭᠠᠴᠢᠨ ᠤ ︽ᠵᠠᠩᠭᠤᠶᠢᠳᠠ︾ ᠪᠣᠯᠣᠨ᠎ᠠ᠃  ᠴᠢᠩ ᠱᠦᠢ ᠾᠧ ᠶᠢᠨ ᠤᠯᠠᠮᠵᠢᠯᠠᠯᠲᠤ ᠲᠠᠷᠢᠶᠠᠴᠢᠨ ᠪᠣᠯᠤᠭᠰᠠᠨ ᠤ ᠬᠤᠪᠢ ᠳᠤ᠂ ᠥᠩᠭᠡᠷᠡᠭᠰᠡᠨ ᠳᠤ ᠲᠡᠭᠷᠢ ᠶᠢᠨ ᠴᠢᠷᠠᠢ ᠶᠢ ᠬᠠᠷᠠᠵᠤ ᠠᠮᠢᠳᠤᠷᠠᠵᠤ ᠪᠠᠶᠢᠭᠰᠠᠨ ᠭᠡᠷ ᠪᠦᠯᠢ ᠨᠢ ᠬᠠᠨ ᠯᠢᠶᠠᠨ ᠱᠧᠩ ᠤᠨ ᠪᠡᠶ᠎ᠡ ᠨᠢ ᠮᠠᠭᠤ᠂ ᠬᠥᠳᠡᠯᠮᠦᠷᠢ ᠬᠦᠴᠦ ᠦᠭᠡᠢ ᠤᠴᠢᠷ ᠠᠴᠠ ᠭᠡᠷ ᠪᠦᠯᠢ ᠶᠢᠨ ᠬᠢᠨ ᠶᠠᠳᠠᠭᠤ ᠬᠦᠴᠢᠷᠳᠡᠯ ᠤᠨ ᠳᠤᠮᠳᠠ ᠲᠡᠯᠴᠢᠯᠡᠵᠦ ᠪᠠᠶᠢᠪᠠ᠃ ᠭᠤᠤ ᠶᠦᠨ ᠤ ᠬᠠᠪᠰᠤᠷᠤᠯᠭ᠎ᠠ ᠪᠠᠷ᠂ ᠬᠠᠨ ᠯᠢᠶᠠᠨ ᠱᠧᠩ᠂ ᠨᠠᠮ ᠤᠨ ᠭᠡᠰᠢᠭᠦᠨ ᠪᠣᠯᠤᠭᠰᠠᠨ ᠤ ᠬᠤᠪᠢ ᠳᠤ ᠲᠣᠰᠬᠤᠨ ᠤ ᠠᠷᠠᠳ ᠲᠤ ᠵᠢᠱᠢᠶ᠎ᠡ ᠦᠵᠡᠭᠦᠯᠵᠦ ᠳᠠᠭᠠᠭᠤᠯᠬᠤ ᠦᠢᠯᠡᠳᠦᠯ ᠦᠵᠡᠭᠦᠯᠪᠡᠯ ᠵᠣᠬᠢᠨ᠎ᠠ ᠭᠡᠳᠡᠭ ᠢ ᠠᠭᠠᠵᠢᠮ ᠢᠶᠠᠷ ᠲᠠᠨᠢᠵᠤ ᠣᠯᠪᠠ᠃ ᠡᠭᠦᠨ ᠠᠴᠠ ᠡᠬᠢᠯᠡᠨ ᠬᠠᠨ ᠯᠢᠶᠠᠨ ᠱᠧᠩ ᠰᠠᠨᠠᠭᠠᠴᠢᠯᠠᠭ᠎ᠠ ᠠᠴᠠ ᠪᠠᠨ ᠰᠤᠷᠤᠯᠴᠠᠵᠤ᠂ ᠯᠣᠣ ᠨᠢᠦ ᠫᠦᠸᠧ ᠲᠣᠰᠬᠤᠨ ᠤ ᠨᠠᠮ ᠤᠨ ᠡᠭᠦᠷ ᠵᠢᠴᠢ ᠴᠢᠩ ᠱᠦᠢ ᠾᠧ ᠰᠢᠶᠠᠨ ᠤ ᠨᠠᠮ ᠤᠨ ᠬᠤᠷᠢᠶᠠᠨ ᠤ ᠬᠠᠪᠰᠤᠷᠤᠯᠭ᠎ᠠ ᠪᠠᠷ ᠲᠠᠷᠢᠶᠠᠴᠢᠨ ᠠᠶᠢᠯ ᠤᠨ ᠵᠢᠭᠤᠯᠴᠢᠯᠠᠯ ᠪᠠ ᠠᠩᠬᠠᠳᠠᠭᠴᠢ ᠰᠦᠯᠵᠢᠶᠡᠨ ᠤ ᠳᠡᠯᠭᠡᠭᠦᠷ ᠨᠡᠭᠡᠭᠡᠪᠡ᠃ ᠲᠠᠷᠢᠶᠠᠴᠢᠨ ᠠᠶᠢᠯ ᠤᠨ ᠬᠤᠭᠤᠯᠠ ᠪᠤᠳᠠᠭᠠᠨ ᠤ ᠲᠦᠭᠦᠬᠡᠢ ᠮᠠᠲ᠋ᠧᠷᠢᠶᠠᠯ ᠨᠢ ᠴᠥᠮ ᠲᠣᠰᠬᠤᠨ ᠤ ᠲᠠᠷᠢᠶᠠᠴᠢᠳ ᠤᠨ ᠳᠠᠷᠢᠭᠰᠠᠨ ᠪᠣᠬᠢᠷᠲᠤᠯ ᠦᠭᠡᠢ ᠪᠣᠬᠢᠷᠲᠤᠯ ᠦᠭᠡᠢ ᠢᠳᠡᠰᠢᠨ ᠨᠣᠭᠤᠭ᠎ᠠ ᠪᠠᠶᠢᠵᠤ᠂ ᠡᠯᠧᠺᠲᠷᠣᠨ ᠬᠤᠳᠠᠯᠳᠤᠭᠠᠨ ᠤ ᠲᠠᠪᠴᠠᠩ ᠤᠨ ᠬᠤᠳᠠᠯᠳᠤᠵᠤ ᠪᠠᠶᠢᠭ᠎ᠠ ᠨᠢ ᠴᠢᠩ ᠱᠦᠢ ᠾᠧ ᠶᠢᠨ ᠣᠨᠴᠠ ᠭᠠᠷᠤᠯᠲᠠ ᠵᠢᠵᠢᠭ ᠦᠨᠦᠷᠲᠦ ᠠᠮᠤ᠂ ᠭᠦᠸᠧ ᠳ᠋ᠠᠨ ᠫᠢ ᠪᠣᠯᠣᠨ᠎ᠠ᠃ ︽ᠵᠠᠰᠠᠭ ᠤᠨ ᠣᠷᠳᠣᠨ ᠠᠴᠠ ᠮᠠᠨ ᠤ ᠭᠡᠷ ᠲᠤ ᠺᠣᠮᠫᠢᠦ᠋ᠲ᠋ᠧᠷ᠂ ᠳᠠᠷᠤᠮᠠᠯᠯᠠᠬᠤ ᠮᠠᠰᠢᠨ ᠤᠭᠰᠠᠷᠠᠵᠤ᠂ ᠨᠠᠳᠠ ᠳᠤ ᠰᠦᠯᠵᠢᠶᠡᠨ ᠳᠤ ᠭᠠᠷᠴᠤ ᠰᠦᠯᠵᠢᠶᠡᠨ ᠤ ᠳᠡᠯᠭᠡᠭᠦᠷ ᠨᠡᠭᠡᠭᠡᠬᠦ ᠶᠢ ᠵᠢᠭᠠᠵᠤ ᠥᠭᠴᠡᠢ᠂ ᠬᠦᠷᠭᠡᠬᠦ ᠪᠠᠷᠠᠭᠠᠨ ᠤ ᠭᠦᠢᠯᠭᠡᠭᠡ ᠶᠢ ᠰᠠᠶᠢᠲᠤᠷ ᠬᠤᠯᠪᠣᠪᠠᠯ ᠪᠢ ᠥᠪᠡᠷ ᠢᠶᠠᠨ ᠪᠠᠶᠠᠵᠢᠬᠤ ᠪᠠᠷ ᠪᠠᠷᠠᠬᠤ ᠦᠭᠡᠢ ᠪᠠᠰᠠ ᠬᠥᠷᠰᠢ ᠵᠡᠷᠭᠡᠯᠡᠳᠡᠭᠡ ᠪᠠᠨ ᠲᠠᠶᠢᠴᠢᠯᠠᠵᠦ᠂ ᠲᠡᠷᠡᠴᠢᠯᠡᠨ ᠪᠦᠬᠦ᠋ᠢᠯᠡ ᠲᠣᠰᠬᠤᠨ ᠢᠶᠠᠨ ᠪᠠᠶᠠᠵᠢᠭᠤᠯᠬᠤ ᠶᠢ ᠵᠢᠭᠠᠵᠤ ᠥᠭᠭᠦᠨ᠎ᠡ᠂ ᠢᠷᠡᠭᠡᠳᠦᠢ ᠶᠢᠨ ᠠᠮᠢᠳᠤᠷᠠᠯ ᠳᠠᠭᠠᠨ ᠪᠢ ᠮᠠᠰᠢ ᠢᠲᠡᠭᠡᠯ ᠲᠠᠢ ᠪᠠᠶᠢᠨ᠎ᠠ︾᠃ ᠭᠡᠵᠦ ᠬᠠᠨ ᠯᠢᠶᠠᠨ ᠱᠧᠩ ᠬᠡᠯᠡᠪᠡ᠃      ᠲᠣᠰᠬᠤᠨ ᠤ ᠡᠯ᠎ᠡ ᠲᠦᠷᠦᠯ ᠤᠨ ᠠᠵᠤ ᠦᠢᠯᠡᠰ ᠤᠨ ᠬᠥᠭᠵᠢᠯᠲᠡ ᠶᠢ ᠳᠠᠭᠠᠯᠳᠤᠨ᠂ ᠡᠯ᠎ᠡ ᠲᠦᠷᠦᠯ ᠤᠨ ᠢᠷᠠᠭᠤ ᠠᠯᠳᠠᠷ ᠴᠤ ᠬᠤᠶᠢᠨ᠎ᠠ ᠬᠤᠶᠢᠨ᠎ᠠ ᠠᠴᠠ ᠪᠠᠨ ᠬᠦᠷᠦᠯᠴᠡᠨ ᠢᠷᠡᠵᠠᠢ᠃ 2019 ᠣᠨ ᠠᠴᠠ ᠨᠠᠰᠢ᠂ ᠯᠣᠣ ᠨᠢᠦ ᠫᠦᠸᠧ ᠲᠣᠰᠬᠤᠨ ᠤᠷᠢᠳ ᠬᠤᠵᠢᠳ ︽ᠤᠯᠤᠰ ᠤᠨ ᠤᠢ ᠰᠢᠭᠤᠢ ᠶᠢᠨ ᠬᠥᠳᠡᠭᠡ ᠲᠣᠰᠬᠤᠨ︾᠂︽ᠪᠦᠬᠦ ᠤᠯᠤᠰ ᠤᠨ ᠪᠣᠯᠪᠠᠰᠤᠨ ᠲᠣᠰᠬᠤᠨ ᠪᠠᠯᠭᠠᠰᠤ︾᠂︽ᠪᠦᠬᠦ ᠤᠯᠤᠰ ᠤᠨ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠲᠡᠷᠢᠭᠦᠨ ᠤ ᠬᠠᠮᠲᠤ︾ᠵᠡᠷᠭᠡ ᠪᠠᠷ ᠦᠨᠡᠯᠡᠭᠳᠡᠪᠡ᠃ 2021 ᠣᠨ ᠤ 6 ᠳ᠋ᠤᠭᠠᠷ ᠰᠠᠷ᠎ᠠ ᠳᠤ᠂ ᠯᠣᠣ ᠨᠢᠦ ᠫᠦᠸᠧ ᠲᠣᠰᠬᠤᠨ ᠤ ᠨᠠᠮ ᠤᠨ ᠶᠡᠷᠦᠩᠬᠡᠢ ᠡᠭᠦᠷ ᠪᠠᠰᠠ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠷᠢᠭᠦᠨ ᠤ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ︾ ᠪᠠᠷ ᠦᠨᠡᠯᠡᠭᠳᠡᠪᠡ᠃      ᠲᠣᠰᠬᠤᠨ ᠳᠤ ᠰᠠᠭᠤᠬᠤ ᠠᠵᠢᠯᠯᠠᠬᠤ ᠠᠩᠭᠢ ᠶᠢᠨ ᠬᠦᠷᠴᠦ ᠢᠷᠡᠬᠦ ᠶᠢ ᠳᠠᠭᠠᠯᠳᠤᠨ᠂ ᠯᠣᠣ ᠨᠢᠦ ᠫᠦᠸᠧ ᠲᠣᠰᠬᠤᠨ ᠤ ᠨᠠᠮ ᠤᠨ ᠬᠤᠷᠢᠶᠠᠨ ᠤ ᠡᠷᠴᠢ ᠵᠣᠷᠢᠭ ᠨᠡᠩ ᠲᠡᠭᠦᠯᠳᠡᠷ ᠪᠣᠯᠪᠠ᠃ ︽ᠪᠢ ᠦᠷᠭᠦᠯᠵᠢ ᠲᠣᠰᠬᠤᠨ ᠤ ᠨᠠᠮ ᠤᠨ ᠶᠡᠷᠦᠩᠬᠡᠢ ᠡᠭᠦᠷ᠂ ᠲᠣᠰᠬᠤᠨ ᠤ︿ᠬᠤᠶᠠᠷ ᠵᠥᠪᠯᠡᠯ﹀᠂ ᠲᠣᠰᠬᠤᠨ ᠳᠤ ᠰᠠᠭᠤᠭ᠎ᠠ ᠠᠵᠢᠯᠯᠠᠬᠤ ᠠᠩᠭᠢ ᠶᠢ ᠳᠠᠭᠠᠵᠤ ᠤᠯᠠᠨ ᠲᠦᠮᠡᠨ ᠢ ᠰᠤᠷᠪᠤᠯᠵᠢᠯᠠᠵᠤ᠂ ᠲᠣᠰᠬᠤᠨ ᠳᠤ ᠰᠠᠭᠤᠭ᠎ᠠ ᠠᠵᠢᠯᠯᠠᠬᠤ ᠠᠩᠭᠢ ᠶᠢᠨ ᠬᠠᠪᠰᠤᠷᠤᠯᠭ᠎ᠠ ᠳᠣᠣᠷ᠎ᠠ᠂ ᠲᠣᠰᠬᠤᠨ ᠤ ᠨᠠᠰᠤᠲᠠᠶᠢᠴᠤᠳ ᠲᠤ ᠡᠭᠦᠳᠡ ᠴᠣᠩᠬᠤ᠂ ᠲᠤᠰᠤᠨ ᠪᠥᠰ᠂ ᠬᠥᠨᠵᠢᠯᠡ ᠳᠡᠪᠢᠰᠬᠡᠷ ᠵᠡᠷᠭᠡ ᠶᠢ  ᠨᠢ ᠰᠣᠯᠢᠵᠤ ᠥᠭᠲᠡᠭ︾᠃ ᠲᠣᠰᠬᠤᠨ ᠳᠤ ᠰᠠᠭᠤᠬᠤ ᠠᠵᠢᠯᠯᠠᠬᠤ ᠠᠩᠭᠢ ᠤᠤᠯ ᠤᠨ ᠪᠠᠶᠢᠭᠤᠯᠭ᠎ᠠ ᠠᠴᠠ ᠪᠠᠨ ᠭᠤᠶᠤᠴᠢᠯᠠᠯ ᠭᠠᠷᠭᠠᠬᠤ ᠪᠠᠷ ᠳᠠᠮᠵᠢᠨ᠂ ᠮᠠᠨ ᠤ ᠲᠣᠰᠬᠤᠨ ᠳᠤ ᠬᠤᠯᠢᠮᠠᠭ ᠠᠮᠤ ᠪᠣᠯᠪᠠᠰᠤᠷᠠᠭᠤᠯᠬᠤ ᠵᠢᠵᠢᠭ ᠦᠢᠯᠡᠳᠪᠦᠷᠢ ᠪᠠᠶᠢᠭᠤᠯᠵᠤ᠂ ᠲᠥᠬᠦᠭᠡᠷᠦᠮᠵᠢ ᠬᠤᠳᠠᠯᠳᠤᠨ ᠠᠪᠴᠤ ᠥᠭᠴᠡᠢ᠂ ᠪᠢᠳᠡ ᠪᠠᠰᠠ ᠢᠳᠡᠪᠬᠢᠲᠡᠢ ᠪᠠᠷ ᠬᠦᠴᠦᠨ ᠢᠶᠠᠨ ᠵᠣᠬᠢᠶᠠᠨ ᠪᠠᠶᠢᠭᠤᠯᠵᠤ ᠬᠤᠯᠢᠮᠠᠭ ᠠᠮᠤ ᠪᠣᠯᠪᠠᠰᠤᠷᠠᠭᠤᠯᠬᠤ ᠵᠢᠵᠢᠭ ᠦᠢᠯᠡᠳᠪᠦᠷᠢ ᠶᠢᠨ ᠦᠢᠯᠡᠳᠪᠦᠷᠢᠯᠡᠯ ᠪᠣᠷᠤᠯᠠᠭᠤᠯᠭ᠎ᠠ ᠳᠤ ᠣᠷᠣᠯᠴᠠᠵᠤ᠂ ᠡᠨᠡ ᠵᠢᠯ ᠰᠠᠭᠠᠭ ᠤᠨ ᠭᠤᠯᠢᠷ ᠪᠣᠯᠪᠠᠰᠤᠷᠠᠭᠤᠯᠬᠤ ᠪᠠᠷ ᠪᠡᠯᠡᠳᠬᠡᠵᠦ᠂ ᠲᠣᠰᠬᠤᠨ ᠳᠤ ᠰᠠᠭᠤᠬᠤ ᠠᠵᠢᠯᠯᠠᠬᠤ ᠠᠩᠭᠢ ᠶᠢᠨ ᠬᠠᠪᠰᠤᠷᠤᠯᠭ᠎ᠠ ᠳᠣᠣᠷ᠎ᠠ᠂ ᠪᠣᠷᠤᠯᠠᠭᠤᠯᠭ᠎ᠠ ᠶᠢᠨ ᠵᠠᠮ ᠢ ᠤᠯᠠᠮ ᠨᠢᠭᠡ ᠠᠯᠬᠤᠮ ᠨᠡᠭᠡᠭᠡᠵᠦ᠂ ᠬᠥᠯᠥᠰᠦᠨ ᠠᠵᠢᠯ ᠬᠢᠵᠦ ᠪᠠᠶᠢᠭ᠎ᠠ ᠲᠠᠷᠢᠶᠠᠴᠢᠳ ᠤᠨ ᠣᠷᠣᠯᠭ᠎ᠠ ᠪᠣᠯᠣᠨ ᠲᠣᠰᠬᠤᠨ ᠤ ᠬᠠᠮᠲᠤ ᠶᠢᠨ ᠠᠵᠤ ᠠᠬᠤᠢ ᠶᠢ ᠤᠯᠠᠮ ᠨᠢᠭᠡ ᠠᠯᠬᠤᠮ ᠳᠡᠭᠡᠭᠰᠢᠯᠡᠭᠦᠯᠦᠨ᠎ᠡ︾ᠭᠡᠵᠦ ᠯᠣᠣ ᠨᠢᠦ ᠫᠦᠸᠧ ᠲᠣᠰᠬᠤᠨ ᠤ ᠨᠠᠮ ᠤᠨ ᠡᠭᠦᠷ ᠤᠨ ᠨᠠᠮ ᠤᠨ ᠭᠡᠰᠢᠭᠦᠨ ᠴᠢᠯᠠᠭᠤ ᠬᠡᠯᠡᠪᠡ᠃      2023 ᠣᠨ ᠳᠤ᠂ ᠲᠣᠰᠬᠤᠨ ᠤ ᠨᠠᠮ ᠤᠨ ᠶᠡᠷᠦᠩᠬᠡᠢ ᠡᠭᠦᠷ᠂ ᠲᠣᠰᠬᠤᠨ ᠤ︽ᠬᠤᠶᠠᠷ ᠵᠥᠪᠯᠡᠯ︾᠂ ᠲᠣᠰᠬᠤᠨ ᠳᠤ ᠰᠠᠭᠤᠭ᠎ᠠ ᠠᠵᠢᠯᠯᠠᠬᠤ ᠠᠩᠭᠢ ᠶᠢᠨ ᠬᠢᠨ 133 ᠮᠦ ᠰᠢᠷ᠎ᠠ ᠪᠤᠷᠴᠠᠭ ᠢ ᠲᠥᠪᠯᠡᠷᠡᠭᠦᠯᠦᠨ ᠵᠠᠯᠭᠠᠯᠳᠤᠭᠤᠯᠤᠨ ᠲᠠᠷᠢᠬᠤ ᠠᠵᠢᠯ ᠢ ᠪᠡᠶᠡᠯᠡᠭᠦᠯᠵᠦ᠂ ᠶᠠᠩ ᠫᠦᠸᠧ ᠠᠴᠠ ᠯᠣᠣ ᠸᠠ ᠭᠧᠦ ᠬᠦᠷᠬᠦ᠂ ᠰᠢᠨ᠎ᠡ ᠲᠣᠰᠬᠤᠨ ᠠᠴᠠ ᠨᠠᠨ ᠯᠢᠦ ᠭᠧᠦ ᠬᠦᠷᠬᠦ ᠵᠠᠮ ᠢ ᠬᠠᠲᠠᠭᠤᠷᠠᠭᠤᠯᠪᠠ᠃ ᠤᠰᠤ ᠤᠮᠳᠠ ᠶᠢᠨ ᠬᠦᠴᠢᠷᠳᠡᠯ ᠲᠠᠢ 6 ᠡᠷᠦᠬᠡ ᠳᠤ ᠬᠤᠳᠳᠤᠭ ᠬᠢᠵᠦ᠂ ᠨᠠᠨ ᠯᠢᠦ ᠭᠧᠦ ᠲᠣᠰᠬᠤᠨ ᠳᠤ ᠭᠠᠩ ᠬᠠᠭᠰᠠᠷᠠᠭᠠᠨ ᠲᠠᠢ ᠲᠡᠮᠡᠴᠡᠬᠦ 4 ᠬᠤᠳᠳᠤᠭ ᠬᠢᠵᠦ᠂ ᠨᠤᠷᠠᠬᠤ ᠠᠶᠤᠯᠲᠠᠢ ᠭᠡᠷ ᠪᠠᠶᠢᠰᠢᠩ ᠢ ᠥᠭᠡᠷᠡᠴᠢᠯᠡᠨ ᠵᠠᠰᠠᠬᠤ 5 ᠡᠷᠦᠬᠡ ᠳᠤ ᠬᠤᠳᠳᠤᠭ ᠬᠢᠵᠦ ᠥᠭᠴᠡᠢ᠃ ᠶᠠᠩ ᠫᠥᠸᠧ ᠠᠴᠠ ᠯᠣᠣ ᠨᠢᠦ ᠫᠥᠸᠧ ᠳᠤ ᠬᠦᠷᠬᠦ᠂ ᠯᠣᠣ ᠨᠢᠦ ᠫᠥᠸᠧ ᠠᠴᠠ ᠰᠢᠨ᠎ᠡ ᠲᠣᠰᠬᠤᠨ ᠤ ᠬᠤᠭᠤᠯᠠᠢ ᠶᠢᠨ ᠲᠣᠣᠷ ᠲᠤ ᠬᠦᠷᠬᠦ 1.5 ᠺᠢᠯᠦᠮᠥᠲᠷ ᠥᠭᠡᠷᠡᠴᠢᠯᠡᠯᠲᠡ ᠶᠢ ᠪᠡᠶᠡᠯᠡᠭᠦᠯᠵᠦ᠂ ᠺᠧᠦ ᠽᠢ ᠱᠠᠩ ᠲᠣᠰᠬᠤᠨ ᠳᠤ ᠲᠣᠮᠣ ᠬᠦᠴᠦᠳᠡᠯ ᠥᠭᠡᠷᠡᠴᠢᠯᠡᠭᠴᠢ ᠶᠢ ᠰᠣᠯᠢᠵᠤ ᠥᠭᠴᠡᠢ ᠁ ᠡᠨᠡ ᠨᠢᠭᠡ ᠨᠢᠭᠡ ᠪᠣᠳᠠᠲᠤ ᠶᠠᠪᠤᠳᠠᠯ ᠨᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠠᠬᠢᠭᠤᠯᠬᠤ ᠶᠢᠨ︽ᠴᠢᠬᠤᠯᠠ ᠶᠠᠪᠤᠳᠠᠯ︾ᠪᠣᠯᠬᠤ ᠪᠥᠭᠡᠳ ᠠᠷᠠᠳ ᠤᠯᠠᠨ ᠤ ᠰᠡᠳᠬᠢᠯ ᠳᠠᠬᠢ ︽ᠥᠴᠥᠬᠡᠨ ᠬᠦᠰᠡᠯ︾ᠪᠣᠯᠣᠨ᠎ᠠ᠃      ᠯᠣᠣ ᠨᠢᠦ ᠫᠦᠸᠧ ᠲᠣᠰᠬᠤᠨ ᠤ ᠠᠷᠠᠳ ᠤᠨ ᠳᠤᠮᠳᠠ᠂  ︽ᠬᠦᠰᠡᠯ︾ ᠢᠶᠠᠨ ᠪᠢᠴᠢᠵᠦ ᠲᠣᠰᠬᠤᠨ ᠤ ᠨᠠᠮ ᠤᠨ ᠬᠤᠷᠢᠶ᠎ᠠ ᠳᠤ ᠲᠤᠰᠢᠶᠠᠬᠤ ᠵᠠᠩᠰᠢᠯ ᠲᠠᠢ᠃ ︽ᠥᠴᠥᠬᠡᠨ ᠬᠦᠰᠡᠯ︾ ᠪᠣᠯ ᠯᠣᠣ ᠨᠢᠦ ᠫᠦᠸᠧ ᠲᠣᠰᠬᠤᠨ ᠤ ︽ᠠᠷᠠᠳ ᠤᠨ ᠲᠥᠯᠥᠭᠡ ᠪᠣᠳᠠᠲᠠᠢ ᠠᠵᠢᠯ ᠬᠢᠬᠦ︾ ᠶᠢᠨ ᠭᠢᠯᠠᠰ ᠴᠡᠭ ᠪᠣᠯᠬᠤ ᠠᠵᠢᠯ ᠮᠥᠨ᠂ ᠡᠨᠡ ᠪᠣᠯ ᠯᠣᠣ ᠨᠢᠦ ᠫᠦᠸᠧ ᠲᠣᠰᠬᠤᠨ ᠤ ︽ᠠᠷᠠᠳ ᠤᠨ ᠲᠥᠯᠥᠭᠡ ᠪᠣᠳᠠᠲᠠᠢ ᠠᠵᠢᠯ ᠬᠢᠬᠦ︾ ᠶᠢᠨ ᠭᠢᠯᠠᠰ ᠴᠡᠭ ᠪᠣᠯᠬᠤ ᠶᠤᠮ᠃ ᠡᠨᠡ ᠬᠦ ︽ᠬᠦᠰᠡᠯ︾ ᠪᠣᠯ ᠳᠠᠷᠤᠢ ᠣᠯᠠᠨ ᠲᠦᠮᠡᠨ ᠤ ᠬᠡᠷᠡᠭᠴᠡᠭᠡ ᠱᠠᠭᠠᠷᠳᠠᠯᠭ᠎ᠠ᠂ ᠣᠯᠠᠨ ᠲᠦᠮᠡᠨ ᠤ ᠬᠦᠰᠡᠯ ᠱᠠᠭᠠᠷᠳᠠᠯᠭ᠎ᠠ ᠮᠥᠨ᠂ ᠶᠡᠭᠡ ᠪᠠᠭ᠎ᠠ ᠶᠠᠪᠤᠳᠠᠯ ᠭᠡᠰᠡᠨ ᠦᠭᠡᠢ᠂ ᠲᠣᠰᠬᠤᠨ ᠤ ᠨᠠᠮ ᠤᠨ ᠶᠡᠷᠦᠩᠬᠡᠢ ᠡᠭᠦᠷ᠂ ᠲᠣᠰᠬᠤᠨ ᠤ ︽ᠬᠤᠶᠠᠷ ᠵᠥᠪᠯᠡᠯ︾ ᠤᠨ ᠺᠠᠳ᠋ᠷ᠂ ᠲᠣᠰᠬᠤᠨ ᠳᠤ ᠰᠠᠭᠤᠬᠤ ᠠᠵᠢᠯᠯᠠᠬᠤ ᠠᠩᠭᠢ ᠴᠥᠮ ︽ᠨᠢᠭᠲᠠᠷᠠᠨ ᠪᠦᠯᠬᠦᠮᠳᠡᠵᠦ︾ ᠳᠠᠷᠤᠶᠢᠬᠠᠨ ᠭᠦᠢᠴᠡᠳᠬᠡᠨ᠎ᠡ᠂ ᠪᠠᠭ᠎ᠠ ᠠᠴᠠ ᠬᠤᠲᠠ ᠠᠴᠠ ᠡᠮ ᠬᠤᠳᠠᠯᠳᠤᠨ ᠠᠪᠬᠤ᠂ ᠲᠦᠷᠭᠡᠨ ᠬᠦᠷᠭᠡᠯᠲᠡ ᠠᠪᠬᠤ᠂ ᠶᠠᠭᠤᠮ᠎ᠠ ᠬᠦᠷᠭᠡᠬᠦ᠂ ᠶᠡᠭᠡ ᠠᠴᠠ ᠡᠪᠡᠳᠴᠢᠲᠡᠨ ᠢ ᠬᠠᠪᠰᠤᠷᠤᠨ ᠡᠮᠨᠡᠯᠭᠡ ᠳᠤ ᠰᠠᠭᠤᠯᠭᠠᠬᠤ᠂ ᠤᠰᠤ ᠴᠠᠬᠢᠯᠭᠠᠨ ᠤ ᠠᠰᠠᠭᠤᠳᠠᠯ ᠢ ᠰᠢᠢᠳᠪᠦᠷᠢᠯᠡᠬᠦ ᠬᠦᠷᠲᠡᠯ᠎ᠡ᠂ ᠠᠯᠢ ᠣᠯᠠᠨ ᠥᠴᠥᠬᠡᠨ ᠬᠦᠰᠡᠯ ᠢ  ᠨᠢ ᠬᠠᠩᠭᠠᠵᠤ᠂ ᠲᠣᠰᠬᠤᠨ ᠤ ᠠᠷᠠᠳ ᠲᠤ ᠬᠠᠯᠠᠭᠤᠨ ᠳᠤᠯᠠᠭᠠᠨ ᠲᠥᠷᠥᠭᠳᠡᠯ ᠣᠯᠭᠤᠨ᠎ᠠ᠃ ᠲᠣᠰᠬᠤᠨ ᠳᠤ ᠰᠢᠨ᠎ᠡ ᠪᠠᠷ ᠰᠣᠯᠢᠭᠰᠠᠨ ᠬᠦᠴᠦᠳᠡᠯ ᠥᠭᠡᠷᠡᠴᠢᠯᠡᠭᠴᠢ ᠪᠣᠯ ᠲᠣᠰᠬᠤᠨ ᠤ ᠨᠠᠮ ᠤᠨ ᠶᠡᠷᠦᠩᠬᠡᠢ ᠡᠭᠦᠷ ᠤᠨ ᠡᠨᠡ ᠵᠢᠯ ᠤᠨ ᠲᠣᠰᠬᠤᠨ ᠤ ᠠᠷᠠᠳ ᠲᠤ ᠰᠢᠢᠳᠪᠦᠷᠢᠯᠡᠵᠦ ᠥᠭᠭᠦᠭᠰᠡᠨ ︽ᠥᠴᠥᠬᠡᠨ ᠬᠦᠰᠡᠯ︾ ᠤᠨ ᠨᠢᠭᠡ ᠪᠣᠯᠣᠨ᠎ᠠ᠂ ᠬᠦᠴᠦᠳᠡᠯ ᠥᠭᠡᠷᠡᠴᠢᠯᠡᠭᠴᠢ ᠰᠣᠯᠢᠭᠰᠠᠨ ᠠᠴᠠ ᠨᠠᠰᠢ ᠲᠣᠰᠬᠤᠨ ᠤ ᠲᠡᠵᠢᠭᠡᠨ ᠦᠷᠡᠵᠢᠭᠦᠯᠬᠦ ᠲᠣᠮᠣ ᠡᠷᠦᠬᠡ ᠶᠢᠨ ᠡᠪᠡᠰᠦ ᠬᠡᠷᠴᠢᠬᠦ ᠳᠤ ᠬᠦᠴᠢᠷᠲᠡᠢ ᠪᠠᠶᠢᠬᠤ ᠠᠰᠠᠭᠤᠳᠠᠯ ᠢ ᠲᠤᠶᠢᠯᠪᠤᠷᠢᠲᠠᠢ ᠰᠢᠢᠳᠪᠦᠷᠢᠯᠡᠭᠰᠡᠨ ᠪᠠᠶᠢᠨ᠎ᠠ᠃      ︽ᠡᠨᠡᠬᠦ ᠬᠦᠴᠦᠳᠡᠯ ᠥᠭᠡᠷᠡᠴᠢᠯᠡᠭᠴᠢ ᠶᠡᠭᠡ ᠬᠡᠷᠡᠭᠴᠡᠭᠡ ᠲᠠᠢ ᠶᠤᠮ᠂ ᠪᠦᠬᠦ ᠲᠣᠰᠬᠤᠨ ᠳᠤ ᠤᠳᠤ 4 ᠲᠤᠰᠬᠠᠢ ᠬᠤᠷᠰᠢᠶ᠎ᠠ ᠲᠠᠢ᠂ ᠴᠠᠬᠢᠯᠭᠠᠨ ᠬᠡᠷᠡᠭᠯᠡᠬᠦ ᠬᠡᠮᠵᠢᠶ᠎ᠡ ᠨᠢ ᠶᠡᠭᠡ ᠪᠣᠯᠬᠤᠷ ᠪᠢᠳᠠ ᠰᠠᠶᠢᠵᠢᠷᠠᠭᠤᠯᠤᠭᠰᠠᠨ ᠡᠭᠦᠯᠳᠡᠷ ᠢ ᠪᠦᠬᠦᠨ ᠢ ᠣᠷᠣᠭᠤᠯᠤᠨ ᠠᠪᠴᠢᠷᠠᠵᠤ᠂ ᠨᠡᠶᠢᠳᠡ 130 ᠦᠬᠡᠷ ᠲᠡᠵᠢᠭᠡᠵᠦ᠂ 3500 ᠬᠤᠨᠢ ᠲᠡᠵᠢᠭᠡᠵᠦ᠂ ᠲᠣᠰᠬᠤᠨ ᠤ ᠠᠷᠠᠳ ᠤᠨ ᠣᠷᠣᠯᠭ᠎ᠠ ᠲᠡᠳᠡᠨ ᠢ ᠬᠦᠰᠡᠵᠦ ᠪᠠᠶᠢᠨ᠎ᠠ︾ ᠭᠡᠵᠦ ᠭᠤᠤ ᠶᠦᠨ ᠰᠤᠷᠪᠤᠯᠵᠢᠯᠠᠭᠴᠢ ᠳᠤ ᠲᠠᠨᠢᠯᠴᠠᠭᠤᠯᠪᠠ᠃      ︽ᠪᠢᠳᠡ ᠥᠩᠭᠡᠷᠡᠭᠰᠡᠨ ᠳᠤ ᠡᠪᠡᠰᠦ ᠬᠡᠷᠴᠢᠬᠦ ᠳᠡᠭᠡᠨ ᠴᠥᠮ ᠭᠠᠷ ᠢᠶᠠᠷ ᠢᠶᠠᠨ ᠬᠡᠷᠴᠢᠳᠡᠭ ᠪᠠᠶᠢᠭᠰᠠᠨ᠂ ᠭᠡᠪᠡᠴᠦ ᠣᠳᠣ ᠠᠷᠪᠢᠨ ᠲᠡᠵᠢᠭᠡᠵᠡᠢ᠂ ᠡᠪᠡᠰᠦ ᠪᠣᠷᠳᠤᠭ᠎ᠠ ᠳᠡᠩᠳᠡᠭᠦᠦ ᠠᠷᠪᠢᠨ ᠪᠣᠯᠵᠠᠢ᠂ ᠨᠠᠷᠢᠨ ᠬᠡᠷᠴᠢᠬᠦ ᠦᠭᠡᠢ ᠪᠣᠯ ᠮᠠᠯ ᠤᠨᠤᠭ᠎ᠠ ᠪᠠᠨ ᠴᠤ ᠢᠳᠡᠵᠦ ᠳᠡᠶᠢᠯᠬᠦ ᠦᠭᠡᠢ᠂ ᠮᠠᠰᠢᠨ ᠬᠤᠳᠠᠯᠳᠤᠨ ᠠᠪᠴᠢᠷᠠᠭᠠᠳ ᠴᠠᠬᠢᠯᠭᠠᠨ ᠬᠦᠴᠦᠳᠡᠯ ᠳᠡᠭᠡᠭᠰᠢᠯᠡᠵᠦ ᠳᠡᠶᠢᠯᠬᠦ ᠦᠭᠡᠢ᠂ ᠮᠠᠨ ᠤ ᠦᠬᠡᠷ ᠬᠤᠨᠢ ᠲᠡᠵᠢᠭᠡᠬᠦ ᠬᠦᠰᠡᠯ ᠪᠣᠯ ᠳᠠᠷᠤᠢ ᠨᠢᠭᠡᠨ ᠲᠣᠮᠣ ᠬᠦᠴᠦᠳᠡᠯ ᠥᠭᠡᠷᠡᠴᠢᠯᠡᠭᠴᠢ ᠰᠣᠯᠢᠬᠤ ᠶᠠᠪᠤᠳᠠᠯ ᠪᠣᠯᠣᠨ᠎ᠠ᠂ ᠡᠶᠢᠮᠦ ᠲᠦᠷᠭᠡᠨ ᠪᠡᠶᠡᠯᠡᠭᠳᠡᠨ᠎ᠡ ᠭᠡᠵᠦ ᠰᠠᠨᠠᠭᠠᠨ ᠳᠤ ᠦᠭᠡᠢ ᠶᠤᠮ︾ ᠭᠡᠵᠦ ᠬᠤᠨᠢ ᠲᠡᠵᠢᠭᠡᠬᠦ ᠲᠣᠮᠣ ᠡᠷᠦᠬᠡ ᠯᠢᠶᠠᠩ ᠪᠠᠢ ᠢᠨᠢᠶᠡᠮᠰᠦᠭᠯᠡᠨ ᠰᠤᠷᠪᠤᠯᠵᠢᠯᠠᠭᠴᠢ ᠳᠤ ᠬᠡᠯᠡᠪᠡ᠃      ︽ᠲᠡᠵᠢᠭᠡᠨ ᠦᠷᠡᠵᠢᠭᠦᠯᠬᠦ ᠠᠴᠠ ᠭᠠᠳᠠᠨ᠎ᠠ᠂ ᠪᠦᠬᠦᠯᠢ ᠴᠣᠭᠴᠠ ᠶᠢᠨ ᠲᠠᠷᠢᠮᠠᠯ ᠤᠨ ᠦᠷ᠎ᠡ ᠠᠰᠢᠭ ᠴᠤ ᠥᠩᠭᠡᠷᠡᠭᠰᠡᠨ ᠤ ᠬᠢ ᠠᠴᠠ ᠮᠡᠳᠡᠭᠳᠡᠮ᠎ᠡ ᠳᠡᠭᠡᠭᠰᠢᠯᠡᠵᠡᠢ᠂ ᠡᠨᠡ ᠵᠢᠯ ᠡᠷᠳᠡᠨᠢ ᠰᠢᠰᠢ ᠦᠨᠦᠷᠲᠦ ᠠᠮᠤ ᠵᠡᠷᠭᠡ ᠲᠠᠷᠢᠮᠠᠯ ᠤᠨ ᠲᠠᠷᠢᠮᠠᠯ ᠤᠨ ᠲᠠᠯᠠᠪᠠᠢ 3500 ᠮᠦ ᠠᠴᠠ ᠳᠡᠭᠡᠭᠰᠢ ᠪᠣᠯᠤᠭᠰᠠᠨ ᠪᠥᠭᠡᠳ 133 ᠮᠦ ᠰᠢᠷ᠎ᠠ ᠪᠤᠷᠴᠠᠭ ᠢ ᠲᠥᠪᠯᠡᠷᠡᠭᠦᠯᠦᠨ ᠵᠠᠯᠭᠠᠯᠳᠤᠭᠤᠯᠤᠨ ᠲᠠᠷᠢᠬᠤ ᠶᠢ ᠪᠡᠶᠡᠯᠡᠭᠦᠯᠵᠡᠢ᠂ ᠵᠥᠪᠬᠡᠨ ᠡᠨᠡ ᠨᠢᠭᠡ ᠵᠦᠢᠯ ᠨᠢ ᠲᠣᠰᠬᠤᠨ ᠤ ᠬᠠᠮᠲᠤ ᠶᠢᠨ ᠣᠷᠣᠯᠭ᠎ᠠ ᠳᠤ ᠪᠠᠭ᠎ᠠ ᠪᠤᠰᠤ ᠣᠷᠣᠯᠭ᠎ᠠ ᠣᠷᠣᠭᠤᠯᠤᠭᠰᠠᠨ ᠪᠠᠶᠢᠨ᠎ᠠ︾᠃ ᠭᠡᠵᠦ ᠯᠣᠣ ᠨᠢᠦ ᠫᠦᠸᠧ ᠲᠣᠰᠬᠤᠨ ᠤ ᠡᠷᠬᠢᠯᠡᠭᠴᠢ ᠯᠢᠦ ᠴᠢᠦᠢ ᠯᠢ ᠬᠡᠯᠡᠪᠡ᠃      ︽ᠯᠣᠣ ᠨᠢᠦ ᠫᠦᠸᠧ ᠲᠣᠰᠬᠤᠨ ᠠᠮᠢ ᠠᠬᠤᠢ ᠶᠢᠨ ᠵᠢᠭᠤᠯᠴᠢᠯᠠᠯ᠂ ᠬᠤᠪᠢᠰᠬᠠᠯ ᠤᠨ ᠵᠢᠭᠤᠯᠴᠢᠯᠠᠯ ᠢᠶᠠᠷ ᠬᠥᠲᠥᠯᠥᠨ ᠳᠠᠭᠠᠭᠤᠯᠵᠤ᠂ ᠰᠣᠶᠣᠯ ᠵᠢᠭᠤᠯᠴᠢᠯᠠᠯ ᠤᠨ ᠠᠵᠤ ᠦᠢᠯᠡᠰ ᠤᠨ ᠭᠦᠨᠵᠡᠭᠡᠢ ᠠᠭᠤᠰᠤᠯᠴᠠᠯ ᠢ ᠠᠬᠢᠭᠤᠯᠵᠤ᠂ ᠬᠤᠪᠢᠰᠬᠠᠯ ᠤᠨ ᠵᠣᠷᠢᠭ ᠰᠠᠨᠠᠭ᠎ᠠ ᠪᠠᠷ ᠬᠥᠮᠥᠰ ᠢ ᠤᠶᠠᠷᠠᠭᠤᠯᠵᠤ᠂ ᠰᠣᠶᠣᠯ ᠢᠷᠭᠡᠨᠰᠢᠯ ᠤᠨ ᠣᠨᠴᠠᠯᠢᠭ ᠢᠶᠠᠷ ᠬᠥᠮᠥᠰ ᠢ ᠦᠯᠡᠳᠡᠭᠡᠵᠦ᠂ ᠪᠠᠶᠢᠭᠠᠯᠢ ᠶᠢᠨ ᠦᠵᠡᠰᠬᠦᠯᠡᠩᠲᠦ ᠰᠠᠶᠢᠬᠠᠨ ᠦᠵᠡᠮᠵᠢ ᠪᠠᠷ ᠬᠥᠮᠥᠰ ᠢ ᠬᠥᠮᠥᠵᠢᠭᠦᠯᠵᠦ᠂ ᠣᠨᠴᠠᠯᠢᠭᠲᠤ ᠵᠢᠭᠠᠨ ᠰᠤᠷᠭᠠᠯᠲᠠ ᠪᠠᠷ ᠬᠥᠮᠥᠰ ᠢ ᠲᠠᠲᠠᠬᠤ ᠪᠣᠯᠣᠨ᠎ᠠ︾᠃ ᠭᠤᠤ ᠶᠦᠨ᠂ 2023 ᠣᠨ ᠳᠤ᠂ ᠳᠡᠭᠡᠳᠦ ᠱᠠᠲᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠬᠠᠯᠠᠮᠵᠢᠯᠠᠯ ᠳᠡᠮᠵᠢᠯᠭᠡ ᠶᠢᠨ ᠳᠣᠣᠷ᠎ᠠ᠂ ᠯᠣᠣ ᠨᠢᠦ ᠫᠦᠸᠧ ᠲᠣᠰᠬᠤᠨ ᠤ ᠬᠢᠨ ᠦ᠋ ᠶᠠᠨ ᠵᠢᠩ ᠤᠨ ᠱᠠᠨ ᠰᠢ ᠰᠦᠢᠶᠤᠸᠠᠨ ᠤ ᠠᠵᠢᠯ ᠤᠨ ᠬᠤᠷᠢᠶ᠎ᠠ ᠶᠢᠨ ᠵᠠᠮ ᠤᠨ ᠰᠠᠭᠤᠷᠢᠰᠢᠯ ᠤᠨ ᠭᠠᠵᠠᠷ ᠤᠨ ᠬᠠᠭᠤᠴᠢᠨ ᠪᠠᠭᠤᠷᠢ ᠶᠢ ᠰᠡᠷᠭᠦᠭᠡᠬᠦ ᠵᠢᠴᠢ ᠺᠸᠦ ᠽᠢ ᠱᠠᠩ ᠤᠷᠳᠤ ᠴᠠᠭᠠᠨ ᠬᠡᠷᠡᠮ ᠤᠨ ᠬᠥᠭᠦᠷᠭᠡᠨ ᠵᠠᠮ ᠤᠨ ᠪᠦᠲᠦᠭᠡᠨ ᠪᠠᠶᠢᠭᠤᠯᠤᠯᠲᠠ ᠶᠢ ᠴᠢᠨᠠᠭᠰᠢᠳᠠ ᠪᠡᠶᠡᠯᠡᠭᠦᠯᠵᠦ᠂ ᠪᠧᠢ ᠪᠦᠦ ᠲᠣᠰᠬᠤᠨ ᠠᠴᠠ ᠯᠣᠣ ᠨᠢᠦ ᠫᠦᠸᠧ ᠲᠣᠰᠬᠤᠨ ᠬᠦᠷᠬᠦ ᠵᠠᠮ ᠤᠨ ᠰᠠᠭᠤᠷᠢ ᠶᠢ ᠲᠡᠭᠰᠢᠯᠡᠬᠦ᠂ ᠨᠠᠯᠠᠤ ᠶᠢ ᠬᠠᠮᠠᠭᠠᠯᠠᠨ ᠪᠠᠬᠢᠯᠡᠬᠦ᠂ ᠤᠰᠤ ᠵᠠᠯᠠᠬᠤ ᠰᠤᠪᠠᠭ ᠤᠨ ᠪᠦᠲᠦᠭᠡᠨ ᠪᠠᠶᠢᠭᠤᠯᠤᠯᠲᠠ᠂ ᠵᠠᠮ ᠤᠨ ᠲᠡᠮᠳᠡᠭ ᠲᠣᠬᠢᠷᠠᠭᠤᠯᠬᠤ ᠵᠡᠷᠭᠡ ᠵᠠᠮ ᠢ ᠥᠭᠡᠷᠡᠴᠢᠯᠡᠨ ᠵᠠᠰᠠᠬᠤ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢᠨ ᠲᠦᠷᠦᠯ ᠵᠦᠢᠯ ᠢ ᠪᠡᠶᠡᠯᠡᠭᠦᠯᠦᠨ᠎ᠡ ᠭᠡᠵᠦ ᠢᠯᠡᠳᠬᠡᠪᠡ᠃ ᠵᠢᠭᠤᠯᠴᠢᠯᠠᠭᠴᠢᠳ᠂ ᠡᠷᠳᠡᠮᠲᠡᠨ ᠢ ᠨᠡᠶᠢᠲᠡ 1.5 ᠲᠦᠮᠡ ᠭᠠᠷᠤᠢ ᠬᠥᠮᠥᠨ ᠤᠳᠠᠭ᠎ᠠ ᠬᠦᠯᠢᠶᠡᠨ ᠠᠪᠴᠤ᠂ ᠲᠣᠰᠬᠤᠨ ᠤ ᠠᠷᠠᠳ ᠲᠤ ᠠᠵᠢᠯ ᠣᠯᠬᠤ ᠲᠣᠬᠢᠶᠠᠯ ᠣᠯᠭᠤᠬᠤ ᠶᠢᠨ ᠬᠠᠮᠲᠤ ᠪᠠᠰᠠ ᠲᠠᠷᠢᠶᠠᠯᠠᠩ ᠤᠨ ᠣᠨᠴᠠ ᠭᠠᠷᠤᠯᠲᠠ ᠶᠢᠨ ᠪᠣᠷᠤᠯᠠᠭᠤᠯᠭ᠎ᠠ ᠳᠤ ᠲᠣᠭᠲᠠᠭᠤᠨ ᠲᠠᠪᠴᠠᠩ ᠬᠠᠩᠭᠠᠵᠠᠢ᠃ ᠣᠳᠣᠬᠠᠨ ᠳᠤ᠂ ᠯᠣᠣ ᠨᠢᠦ ᠫᠦᠸᠧ ᠲᠣᠰᠬᠤᠨ ᠤ ᠬᠢᠨ ᠬᠤᠭᠤᠯᠠ ᠤᠮᠳᠠ᠂ ᠬᠤᠨᠤᠭ ᠪᠠᠭᠤᠳᠠᠯ᠂ ᠵᠢᠭᠤᠯᠴᠢᠯᠠᠯ᠂ ᠲᠠᠷᠢᠶᠠᠯᠠᠩ ᠤᠨ ᠣᠨᠴᠠ ᠭᠠᠷᠤᠯᠲᠠ ᠶᠢᠨ ᠪᠣᠷᠤᠯᠠᠭᠤᠯᠭ᠎ᠠ᠂ ᠬᠤᠪᠢᠰᠬᠠᠯ ᠤᠨ ᠥᠩᠭᠡᠷᠡᠭᠡᠯᠲᠡ ᠶᠢ ᠨᠢᠭᠡ ᠴᠣᠭᠴᠠᠵᠢᠭᠤᠯᠤᠭᠰᠠᠨ ᠰᠣᠶᠣᠯ ᠤᠨ ᠵᠢᠭᠤᠯᠴᠢᠯᠠᠯ ᠤᠨ ᠰᠢᠨ᠎ᠡ ᠨᠡᠷ᠎ᠡ ᠶᠢᠨ ᠬᠠᠭᠤᠳᠠᠰᠤ ᠶᠢ ᠲᠦᠷᠭᠡᠨ ᠡᠭᠦᠳᠴᠦ᠂ ᠬᠤᠪᠢᠰᠬᠠᠯ ᠤᠨ ᠡᠷᠲᠡ ᠴᠢᠯᠦᠭᠡᠯᠡᠭᠳᠡᠭᠰᠡᠨ ᠣᠷᠣᠨ ᠤ ᠰᠢᠨ᠎ᠡ ᠳᠦᠷᠰᠦ ᠪᠠᠶᠢᠳᠠᠯ ᠢ ᠪᠤᠢ ᠪᠣᠯᠭᠠᠵᠤ ᠪᠠᠶᠢᠨ᠎ᠠ᠃
 
ᠢᠷᠡᠯᠲᠡ᠄ ᠴᠢᠩ ᠱᠦᠢ ᠾᠧ ᠰᠢᠶᠠᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11002890号-1