︵ᠰᠤᠷᠪᠤᠯᠵᠢᠯᠠᠭᠴᠢ ᠶᠦᠨ ᠶᠠᠨ ᠹᠠᠩ︶ 6 ᠳ᠋ᠤᠭᠠᠷ ᠰᠠᠷ᠎ᠠ ᠶᠢᠨ 13 ᠤ ᠡᠳᠦᠷ᠂ ᠬᠥᠬᠡᠬᠤᠲᠠ ᠶᠢᠨ | ᠮᠥᠩᠭᠦᠨ ᠭᠦᠢᠯᠭᠡᠭᠡᠨ ᠤ ᠵᠢᠭᠤᠷᠠᠯᠳᠤᠭᠠᠨ ᠤ ᠠᠷᠠᠳ ᠤᠨ ᠡᠶᠡᠳᠡᠭᠦᠯᠬᠦ ᠵᠥᠪᠯᠡᠯ᠂ ᠬᠥᠬᠡᠬᠤᠲᠠ ᠶᠢᠨ ᠶᠢᠨ ᠰᠢᠨ | ᠮᠥᠩᠭᠦᠨ ᠭᠦᠢᠯᠭᠡᠭᠡᠨ ᠤ ᠵᠢᠭᠤᠷᠠᠯᠳᠤᠭᠠᠨ ᠢ ᠡᠶᠡᠳᠡᠭᠦᠯᠬᠦ ᠲᠥᠪ ᠫᠠᠶᠢᠰᠠ ᠰᠡᠭᠦᠨ ᠪᠠᠶᠢᠭᠤᠯᠤᠭᠳᠠᠪᠠ᠃ | ᠬᠥᠬᠡᠬᠤᠲᠠ ᠶᠢᠨ ᠮᠥᠩᠭᠦᠨ ᠭᠦᠢᠯᠭᠡᠭᠡᠨ ᠤ ᠵᠢᠭᠤᠷᠠᠯᠳᠤᠭᠠᠨ ᠤ ᠠᠷᠠᠳ ᠤᠨ ᠡᠶᠡᠳᠡᠭᠦᠯᠬᠦ ᠵᠥᠪᠯᠡᠯ ᠪᠤᠯ | ᠨᠡᠶᠢᠲᠡ ᠶᠢᠨ ᠠᠰᠠᠷᠠᠮᠵᠢ ᠶᠢᠨ ᠴᠢᠨᠠᠷᠲᠠᠶ ᠨᠡᠶᠢᠭᠡᠮ ᠤᠨ ᠵᠣᠬᠢᠶᠠᠨ ᠪᠠᠶᠢᠭᠤᠯᠤᠯᠲᠠ ᠮᠥᠨ᠂ ᠬᠥᠬᠡᠬᠤᠲᠠ ᠶᠢᠨ ᠶᠢᠨ | ᠰᠢᠨ ᠮᠥᠩᠭᠦᠨ ᠭᠦᠢᠯᠭᠡᠭᠡᠨ ᠤ ᠵᠢᠭᠤᠷᠠᠯᠳᠤᠭᠠᠨ ᠢ ᠡᠶᠡᠳᠡᠭᠦᠯᠬᠦ ᠲᠥᠪ ᠪᠣᠯ ᠠᠰᠢᠭ ᠬᠤᠨᠵᠢᠪᠣᠷᠢ ᠶᠢᠨ ᠪᠤᠰᠤ | ᠴᠢᠨᠠᠷᠲᠠᠶ ᠨᠡᠶᠢᠭᠡᠮ ᠤᠨ ᠦᠢᠯᠡᠴᠢᠯᠡᠭᠡᠨ ᠤ ᠠᠵᠢᠯᠯᠠᠭ᠎ᠠ ᠦᠷᠨᠢᠭᠦᠯᠬᠦ ᠠᠷᠠᠳ ᠠᠴᠠ ᠡᠷᠬᠢᠯᠡᠭᠰᠡᠨ ᠠᠵᠤ | ᠠᠬᠤᠶᠢᠯᠠᠯ ᠤᠨ ᠪᠤᠰᠤ ᠨᠡᠶᠢᠭᠡᠮ ᠤᠨ ᠵᠣᠬᠢᠶᠠᠨ ᠪᠠᠶᠢᠭᠤᠯᠤᠯᠲᠠ ᠮᠥᠨ᠃ ᠬᠤᠶᠠᠷ ᠪᠠᠶᠢᠭᠤᠯᠤᠮᠵᠢ ᠨᠢ ᠮᠠᠨ ᠤ | ᠬᠤᠲᠠ ᠶᠢᠨ ᠶᠡᠭᠡ ᠰᠤᠷᠭᠠᠭᠤᠯᠢ ᠶᠢᠨ ᠵᠡᠭᠦᠨ ᠵᠠᠮ ᠤᠨ ᠲᠤᠤ ᠷᠠᠨ ᠲᠣᠮᠣ ᠠᠰᠠᠷ ᠤᠨ ᠳᠥᠷᠪᠡᠳᠦᠭᠡᠷ ᠳᠠᠪᠬᠤᠷ ᠲᠤ | ᠪᠠᠶᠢᠷᠢᠯᠠᠵᠤ᠂ ᠨᠢᠭᠡ ᠥᠷᠲᠡᠭᠡ ᠮᠠᠶ᠋ᠢᠭ ᠤᠨ ᠭᠥᠯᠢᠶᠡᠨ ᠠᠪᠴᠤ ᠰᠢᠢᠳᠪᠦᠷᠢᠯᠡᠬᠦ ᠴᠣᠩᠬᠤ᠂ ᠮᠥᠩᠭᠦᠨ ᠭᠦᠢᠯᠭᠡᠭᠡᠨ ᠤ | ᠮᠡᠳᠡᠯᠭᠡ ᠶᠢᠨ ᠤᠬᠠᠭᠤᠯᠭ᠎ᠠ ᠬᠥᠮᠦᠵᠢᠯ ᠤᠨ ᠲᠤᠰᠬᠠᠶ ᠲᠣᠭᠤᠷᠢᠭ᠂ ᠵᠤᠴᠢᠳ ᠤᠨ ᠠᠮᠠᠷᠠᠯᠲᠠ ᠶᠢᠨ ᠲᠣᠭᠤᠷᠢᠭ᠂ | ᠡᠶᠡᠳᠡᠭᠦᠯᠬᠦ ᠲᠤᠰᠬᠠᠶ ᠲᠣᠭᠤᠷᠢᠭ᠂ ᠮᠥᠩᠭᠦᠨ ᠭᠦᠢᠯᠭᠡᠭᠡᠨ ᠤ ᠰᠢᠭᠦᠬᠦ ᠲᠢᠩᠬᠢᠮ ᠤᠨ ᠰᠢᠭᠦᠨ ᠲᠠᠰᠤᠯᠬᠤ ᠲᠤᠰᠬᠠᠶ | ᠲᠣᠭᠤᠷᠢᠭ᠂ ᠲᠥᠪᠯᠡᠷᠡᠭᠦᠯᠦᠨ ᠠᠵᠢᠯᠯᠠᠬᠤ ᠲᠣᠭᠤᠷᠢᠭ ᠵᠡᠷᠭᠡ ᠵᠢᠷᠭᠤᠭᠠᠨ ᠴᠢᠳᠠᠮᠵᠢᠳᠤ ᠣᠷᠣᠨ ᠢ ᠲᠣᠬᠢᠷᠠᠭᠤᠯᠪᠠ᠃ | ᠡᠶᠡᠳᠡᠭᠦᠯᠬᠦ ᠲᠥᠪ ᠲᠤ ᠮᠥᠩᠭᠦᠨ ᠭᠦᠢᠯᠭᠡᠭᠡᠨ ᠤ ᠰᠢᠭᠦᠬᠦ ᠲᠢᠩᠬᠢᠮ ᠭᠠᠷᠭᠠᠵᠤ᠂ ᠠᠷᠠᠳ ᠤᠨ ᠰᠢᠭᠦᠬᠦ | ᠬᠤᠷᠢᠶᠠᠨ ᠤ ᠰᠢᠭᠦᠬᠦ ᠲᠢᠩᠬᠢᠮ ᠤᠨ ᠪᠦᠲᠦᠭᠡᠨ ᠪᠠᠶᠢᠭᠤᠯᠤᠯᠲᠠ ᠶᠢᠨ ᠱᠠᠭᠠᠷᠳᠠᠯᠭ᠎ᠠ ᠶᠢ ᠴᠢᠩᠭ᠎ᠠ ᠵᠢᠷᠤᠮᠯᠠᠨ ᠬᠠᠲᠠᠭᠤ | ᠲᠣᠨᠤᠭ ᠲᠥᠬᠦᠭᠡᠷᠦᠮᠵᠢ ᠵᠢᠴᠢ ᠰᠦᠯᠵᠢᠶᠡᠨ ᠤ ᠳᠡᠮᠵᠢᠯᠭᠡ ᠶᠢ ᠲᠣᠬᠢᠷᠠᠭᠤᠯᠵᠤ᠂ ᠡᠶᠡᠳᠡᠭᠦᠯᠬᠦ ᠳᠤ ᠲᠣᠬᠢᠷᠠᠬᠤ ᠦᠭᠡᠢ | ᠪᠤᠶᠤ ᠡᠶᠡᠳᠡᠭᠦᠯᠦᠭᠡᠳ ᠠᠮᠵᠢᠯᠲᠠ ᠤᠯᠤᠭᠰᠠᠨ ᠦᠭᠡᠢ ᠬᠡᠷᠡᠭ ᠲᠤ ᠮᠥᠩᠭᠦᠨ ᠭᠦᠢᠯᠭᠡᠭᠡᠨ ᠤ ᠬᠡᠷᠡᠭ ᠢ ᠰᠢᠭᠦᠬᠦ | ᠪᠦᠯᠬᠦᠮ ᠠᠳᠡ ᠬᠡᠷᠡᠭ ᠢ ᠲᠢᠩᠬᠢᠮ ᠨᠡᠭᠡᠭᠡᠵᠦ ᠰᠢᠭᠦᠬᠦ ᠶᠢᠨ ᠬᠠᠮᠲᠤ ᠠᠯᠤᠰ ᠠᠴᠠ ᠲᠢᠩᠬᠢᠮ ᠨᠡᠭᠡᠭᠡᠬᠦ ᠶᠢ ᠪᠡᠶᠡᠯᠡᠭᠦᠯᠪᠡ | ᠃ ᠡᠨᠡ ᠨᠢ ᠵᠤᠬᠢᠬᠤ ᠬᠡᠮᠵᠢᠶᠡᠨ ᠳᠤ ᠪᠥᠬᠦ ᠶᠠᠪᠤᠴᠠ ᠶᠢᠨ ᠵᠤᠯᠭᠠᠯᠲᠠᠲᠤ ᠴᠢᠨᠠᠷ ᠢ ᠭᠦᠢᠴᠡᠳ ᠪᠠᠲᠤᠯᠠᠵᠤ᠂ ︽ | ᠬᠠᠮᠤᠭ ᠣᠯᠠᠨ ᠳᠠᠭᠠᠨ ᠨᠢᠭᠡ ᠤᠳᠠᠭ᠎ᠠ ᠭᠦᠶᠦᠬᠦ︾ ᠶᠢ ᠦᠨᠡᠨ ᠬᠦ ᠪᠡᠶᠡᠯᠡᠭᠦᠯᠵᠡᠶ᠃ ᠨᠢᠭᠡ ᠥᠷᠲᠡᠭᠡ ᠮᠠᠶ᠋ᠢᠭ ᠤᠨ᠂ | ᠪᠥᠬᠦ ᠴᠤᠪᠤᠷᠠᠯ᠂ ᠪᠥᠬᠦ ᠲᠠᠯ᠎ᠠ ᠶᠢᠨ ᠶᠡᠷᠦᠩᠬᠡᠶᠢᠯᠡᠭᠰᠡᠨ ᠦᠢᠯᠡᠴᠢᠯᠡᠭᠡ ᠪᠠᠷ ᠳᠠᠮᠵᠢᠭᠤᠯᠤᠨ᠂ ᠬᠡᠷᠡᠭ ᠢ ᠳᠡᠪᠰᠢᠭᠦᠯᠬᠦ᠂ | ᠬᠡᠷᠡᠭ ᠢ ᠭᠥᠯᠢᠶᠡᠨ ᠠᠪᠴᠤ ᠰᠢᠢᠳᠪᠦᠷᠢᠯᠡᠬᠦ᠂ ᠬᠡᠷᠡᠭ ᠢ ᠡᠶᠡᠳᠡᠭᠦᠯᠬᠦ᠂ ᠬᠡᠷᠡᠭ ᠢ ᠰᠢᠭᠦᠬᠦ ︽ᠰᠦᠯᠵᠢᠶᠡᠨ | ᠳᠡᠭᠡᠷ᠎ᠡ+ᠰᠦᠯᠵᠢᠶᠡᠨ ᠭᠠᠳᠠᠨᠠᠬᠢ︾ ᠬᠤᠤᠰ ᠵᠠᠮ ᠤᠨ ᠵᠠᠭᠪᠤᠷ ᠢ ᠪᠠᠶᠢᠭᠤᠯᠪᠠ᠃ | ᠬᠥᠬᠡᠬᠤᠲᠠ ᠶᠢᠨ ᠶᠢᠨ ᠰᠢᠨ ᠮᠥᠩᠭᠦᠨ ᠭᠦᠢᠯᠭᠡᠭᠡᠨ ᠤ ᠵᠠᠭᠤᠷᠠᠯᠳᠤᠭᠠᠨ ᠢ ᠡᠶᠡᠳᠡᠭᠦᠯᠬᠦ ᠲᠥᠪ ᠤᠨ | ᠬᠠᠷᠢᠭᠤᠴᠠᠯᠭᠠᠲᠠᠨ ᠯᠢ ᠬᠤᠢ ᠵᠢᠤᠸᠠᠨ ᠲᠠᠨᠢᠯᠴᠠᠭᠤᠯᠤᠭᠰᠠᠨ ᠢᠶᠠᠷ᠂ ᠨᠢᠭᠡ ᠯᠡ ᠥᠷᠲᠡᠭᠡᠨ ᠤ ᠮᠠᠶ᠋ᠢᠭ ᠢᠶᠠᠷ ᠭᠥᠯᠢᠶᠡᠨ | ᠠᠪᠴᠤ ᠰᠢᠢᠳᠪᠦᠷᠢᠯᠡᠬᠦ ᠵᠠᠭᠪᠤᠷ ᠳᠣᠣᠷ᠎ᠠ᠂ ᠵᠢᠭᠤᠷᠠᠯᠳᠤᠭᠠᠨ ᠢ ᠰᠢᠢᠳᠪᠦᠷᠢᠯᠡᠬᠦ ᠠᠷᠭ᠎ᠠ ᠵᠠᠮ ᠣᠯᠠᠨ ᠡᠰᠢᠵᠢᠵᠦ᠂ | ᠡᠶᠡᠳᠡᠭᠦᠯᠵᠦ ᠪᠣᠯᠬᠤ᠂ ᠵᠠᠭᠠᠯᠳᠤᠵᠤ ᠪᠣᠯᠬᠤ᠂ ᠲᠠᠰᠤᠯᠵᠤ ᠪᠣᠯᠬᠤ ᠶᠢ ᠪᠡᠶᠡᠯᠡᠭᠦᠯᠵᠦ᠂ ᠡᠶᠡᠳᠡᠭᠦᠯᠬᠦ+ᠬᠠᠤᠯᠢ | ᠴᠠᠭᠠᠵᠠ ᠶᠢᠨ ᠨᠤᠲᠠᠯᠠᠯᠲᠠ ᠬᠢᠬᠦ᠂ ᠡᠶᠡᠳᠡᠭᠦᠯᠬᠦ +ᠠᠯᠪᠠᠨ ᠭᠡᠷᠡᠴᠢᠯᠡᠭᠡ ᠪᠠᠷ ᠬᠦᠴᠦᠷᠬᠡᠭᠵᠢᠭᠦᠯᠬᠦ ᠶᠢ ᠪᠡᠶᠡᠯᠡᠭᠦᠯᠵᠦ᠂ | ᠡᠶᠡᠳᠡᠭᠦᠯᠬᠦ ᠬᠡᠯᠡᠯᠴᠡᠭᠡᠷ ᠲᠤ ᠠᠯᠪᠠᠳᠠᠨ ᠭᠦᠢᠴᠡᠳᠭᠡᠬᠦ ᠬᠦᠴᠦᠨ ᠤᠯᠭᠤᠵᠤ᠂ ᠡᠶᠡᠳᠡᠭᠦᠯᠬᠦ ᠪᠥᠬᠦ ᠶᠠᠪᠤᠴᠠ ᠳᠤ | ᠲᠥᠪ ᠴᠢᠩᠭ᠎ᠠ᠂ ᠲᠥᠪ ᠭᠤᠤᠯᠴᠢ᠂ ᠲᠤᠰᠬᠠᠶ ᠮᠡᠷᠭᠡᠵᠢᠯ ᠤᠨ᠂ ᠪᠤᠰᠤᠳᠴᠢ ᠪᠠᠶᠢᠵᠤ᠂ ᠲᠤᠬᠠᠶ ᠶᠢᠨ ᠬᠡᠷᠡᠭ ᠤᠨ | ᠬᠤᠶᠠᠷ ᠲᠠᠯ᠎ᠠ ᠶᠢᠨ ᠬᠤᠶᠢᠰᠢᠳᠠ ᠶᠢᠨ ᠵᠣᠪᠠᠨᠢᠯ ᠢ ᠠᠷᠢᠯᠭᠠᠪᠠ᠃ ᠢᠷᠡᠭᠡᠳᠦᠶ ᠳᠤ᠂ ᠠᠳᠡ ᠪᠠᠰᠠ ᠥᠪᠥᠷ | ᠮᠣᠩᠭᠤᠯ ᠤᠨ ᠮᠥᠩᠭᠦᠨ ᠭᠦᠢᠯᠭᠡᠭᠡᠨ ᠤ ᠵᠢᠭᠤᠷᠠᠯᠳᠤᠭᠠᠨ ᠢ ᠣᠯᠠᠨ ᠡᠰᠢᠵᠢᠭᠦᠯᠦᠨ ᠰᠢᠢᠳᠪᠦᠷᠢᠯᠡᠬᠦ ᠣᠯᠠᠨ | ᠲᠠᠯ᠎ᠠ ᠶᠢᠨ ᠬᠠᠮᠵᠢᠯᠴᠠᠨ ᠰᠣᠯᠢᠯᠴᠠᠬᠤ ᠲᠠᠪᠴᠠᠩ ᠢ ᠢᠳᠡᠪᠬᠢᠲᠡᠢ ᠪᠠᠶᠢᠭᠤᠯᠵᠤ᠂ ᠥᠪᠡᠷᠲᠡᠭᠡᠨ ᠵᠠᠰᠠᠬᠤ ᠣᠷᠣᠨ᠂ | ᠬᠥᠬᠡᠬᠤᠲᠠ ᠬᠤᠶᠠᠷ ᠱᠠᠲᠤ ᠬᠤᠯᠪᠣᠭᠠᠯᠠᠨ ᠬᠥᠳᠡᠯᠦᠯᠴᠡᠬᠦ᠂ ᠵᠠᠰᠠᠭ ᠤᠨ ᠤᠷᠳᠤᠨ᠂ ᠰᠢᠭᠦᠬᠦ ᠬᠤᠷᠢᠶ᠎ᠠ᠂ ᠬᠠᠤᠯᠢ | ᠴᠠᠭᠠᠵᠠ᠂ ᠠᠵᠤ ᠠᠬᠤᠶᠢᠯᠠᠯ ᠳᠥᠷᠪᠡᠨ ᠲᠠᠯ᠎ᠠ ᠪᠠᠷ ᠠᠳᠠᠯᠢ ᠴᠢᠭᠯᠡᠯ ᠢᠶᠠᠷ ᠬᠦᠴᠦᠯᠡᠬᠦ᠂ ᠠᠳᠠᠯᠢ ᠰᠡᠳᠦᠪ ᠢ | ᠬᠠᠮᠲᠤᠪᠡᠷ ᠬᠠᠷᠢᠭᠤᠯᠬᠤ ᠪᠠᠷ ᠳᠠᠮᠵᠢᠭᠤᠯᠤᠨ᠂ ᠥᠪᠥᠷ ᠮᠣᠩᠭᠤᠯ ᠤᠨ ᠮᠥᠩᠭᠦᠨ ᠭᠦᠢᠯᠭᠡᠭᠡᠨ ᠤ ᠠᠵᠢᠯ ᠲᠥᠷᠥᠯ ᠤᠨ | ︽ᠬᠡᠷᠡᠭᠯᠡᠭᠴᠢᠳ ᠤᠨ ᠡᠷᠬᠡ ᠠᠰᠢᠭ ᠤᠨ ᠬᠠᠮᠠᠭᠠᠯᠠᠯᠲᠠ︾ ᠶᠢᠨ ᠰᠢᠨ᠎ᠡ ᠪᠠᠶᠢᠳᠠᠯ ᠢ ᠪᠣᠶ ᠪᠣᠯᠭᠠᠬᠤ ᠶᠢ ᠠᠬᠢᠭᠤᠯᠤᠨ᠎ᠠ | ︔ ᠡᠶᠡᠳᠡᠭᠦᠯᠦᠭᠴᠢ ᠳᠤ ᠪᠣᠳᠠᠲᠠᠶ ᠪᠣᠯᠪᠠᠰᠤᠷᠠᠯ ᠤᠨ ᠲᠠᠯᠠᠪᠤᠷ ᠬᠠᠩᠭᠠᠵᠤ᠂ ᠠᠵᠢᠯ ᠲᠥᠷᠥᠯ ᠤᠨ ᠲᠤᠷᠰᠢᠯᠭ᠎ᠠ | ᠰᠣᠯᠢᠯᠴᠠᠬᠤ ᠪᠠ ᠲᠤᠰᠬᠠᠶ ᠮᠡᠷᠭᠡᠵᠢᠯ ᠤᠨ ᠪᠣᠯᠪᠠᠰᠤᠷᠠᠭᠤᠯᠤᠯ ᠥᠷᠨᠢᠭᠦᠯᠬᠦ ᠪᠠᠷ ᠳᠠᠮᠵᠢᠭᠤᠯᠤᠨ᠂ ᠮᠥᠩᠭᠦᠨ | ᠭᠦᠢᠯᠭᠡᠭᠡᠨ ᠤ ᠵᠢᠭᠤᠷᠠᠯᠳᠤᠭᠠᠨ ᠢ ᠰᠢᠢᠳᠪᠦᠷᠢᠯᠡᠬᠦ ᠪᠣᠯᠪᠠᠰᠤᠷᠠᠭᠤᠯᠤᠯ ᠤᠨ ᠰᠠᠭᠤᠷᠢᠨ ᠭᠠᠵᠠᠷ ᠪᠣᠯᠭᠠᠨ᠎ᠠ︔ ᠠᠵᠢᠯ | ᠲᠥᠷᠥᠯ ᠤᠨ ᠲᠤᠰᠬᠠᠶ ᠮᠡᠷᠭᠡᠵᠢᠯᠲᠡᠨ ᠤ ᠣᠶᠤᠨ ᠤ ᠬᠥᠮᠥᠷᠭᠡ ᠶᠢ ᠪᠠᠶᠢᠭᠤᠯᠬᠤ ᠪᠠᠷ ᠳᠠᠮᠵᠢᠭᠤᠯᠤᠨ᠂ | ᠬᠥᠬᠡᠬᠤᠲᠠ ᠶᠢᠨ ᠬᠠᠤᠯᠢ ᠶᠢᠨ ᠤᠬᠠᠭᠠᠨ ᠤ ᠨᠡᠶᠢᠭᠡᠮᠯᠢᠭ ᠤᠨ ᠵᠢᠯᠣᠭᠤᠳᠣᠯᠭ᠎ᠠ ᠳᠣᠤᠷ᠎ᠠ ᠮᠥᠩᠭᠦᠨ ᠭᠦᠢᠯᠭᠡᠭᠡᠨ ᠤ | ᠵᠢᠭᠤᠷᠠᠯᠳᠤᠭᠠᠨ ᠢ ᠰᠢᠢᠳᠪᠦᠷᠢᠯᠡᠬᠦ ᠰᠤᠳᠤᠯᠭᠠᠨ ᠤ ᠨᠡᠶᠢᠭᠡᠮᠯᠢᠭ ᠢ ᠪᠠᠶᠢᠭᠤᠯᠵᠤ᠂ ᠠᠵᠢᠯ ᠲᠥᠷᠥᠯ ᠤᠨ ᠲᠣᠪᠤᠶᠢᠮ᠎ᠠ | ᠠᠰᠠᠭᠤᠳᠠᠯ ᠳᠤ ᠠᠩᠬᠠᠷᠤᠯ ᠢᠶᠠᠨ ᠲᠥᠪᠯᠡᠷᠡᠭᠦᠯᠦᠨ᠂ ᠴᠠᠭ ᠲᠤᠬᠠᠶ ᠳᠤᠨᠢ ᠪᠣᠯᠪᠠᠰᠤᠷᠠᠭᠤᠯᠤᠨ ᠳ᠋ᠦᠩᠨᠡᠵᠦ᠂ ᠨᠠᠷᠢᠯᠢᠭ | ᠣᠨᠣᠴᠠᠲᠠᠶ ᠪᠠᠷ ᠠᠷᠭ᠎ᠠ ᠬᠡᠮᠵᠢᠶ᠎ᠡ ᠠᠪᠴᠤ᠂ ᠬᠠᠳᠠᠭᠠᠯᠠᠯᠲᠠ ᠶᠢᠨ ᠬᠡᠮᠵᠢᠶ᠎ᠡ ᠶᠢ ᠪᠠᠭᠠᠰᠬᠠᠨ᠂ ᠨᠡᠮᠡᠭᠳᠡᠯ ᠤᠨ | ᠬᠡᠮᠵᠢᠶ᠎ᠡ ᠶᠢ ᠬᠤᠷᠢᠭᠯᠠᠵᠤ᠂ ᠳᠤᠲᠠᠭᠤᠳᠠᠯ ᠢ ᠨᠥᠬᠦᠪᠥᠷᠢᠯᠡᠨ᠂ ᠪᠠᠭᠤᠷᠠᠶ ᠲᠠᠯ᠎ᠠ ᠶᠢ ᠬᠦᠴᠦᠷᠬᠡᠭᠵᠢᠭᠦᠯᠵᠦ᠂ ᠮᠥᠩᠭᠦᠨ | ᠭᠦᠢᠯᠭᠡᠭᠡᠨ ᠤ ᠵᠢᠭᠤᠷᠠᠯᠳᠤᠭᠠᠨ ᠢ ᠰᠢᠢᠳᠪᠦᠷᠢᠯᠡᠬᠦ ᠣᠯᠠᠨ ᠡᠰᠢᠲᠦ ᠦᠨᠳᠦᠷ ᠪᠦᠲᠦᠮᠵᠢᠲᠡᠶ ᠣᠨᠣᠯ ᠤᠨ | ᠰᠤᠳᠤᠯᠭᠠᠨ ᠤ ᠥᠨᠳᠦᠷᠯᠢᠭ ᠢ ᠪᠠᠶᠢᠭᠤᠯᠬᠤ ᠪᠠᠷ ᠴᠢᠷᠮᠠᠶᠢᠵᠤ᠂ ᠵᠠᠷᠭᠤ ᠶᠢᠨ ᠢᠷᠡᠯᠲᠡ ᠶᠢ ᠵᠠᠰᠠᠬᠤ ᠰᠢᠨ᠎ᠡ ᠠᠷᠭ᠎ᠠ | ᠵᠠᠮ ᠢ ᠢᠳᠡᠪᠬᠢᠲᠡᠶ ᠪᠠᠷ ᠬᠠᠶᠢᠨ ᠰᠦᠪᠡᠭᠴᠢᠯᠡᠵᠦ᠂ ᠠᠶᠤᠯ ᠲᠦᠭᠰᠢᠭᠦᠷᠢ ᠵᠢᠨᠬᠡᠮᠵᠢᠶ᠎ᠡ ᠶᠢ ᠪᠠᠭᠠᠰᠬᠠᠬᠤ ᠳᠤ | ᠣᠶᠤᠨ ᠤ ᠲᠤᠯᠭᠠᠭᠤᠷᠢᠯᠠᠯ ᠬᠠᠩᠭᠠᠨ᠎ᠠ᠃ |