ᠭᠦᠭᠡᠬᠤᠳᠠ ᠶᠢᠨ ᠠᠵᠤ ᠦᠢᠯᠡᠳᠪᠦᠷᠢ ᠪᠠ ᠮᠡᠳᠡᠭᠡ ᠵᠠᠩᠭᠢᠵᠢᠯᠲᠠ ᠶᠢᠨ ᠲᠣᠪᠴᠢᠶ᠎ᠠ ᠠᠴᠠ ᠣᠶᠢᠯᠠᠭᠠᠭᠰᠠᠨ | ᠢᠶᠠᠷ᠂ ᠡᠨᠡ ᠵᠢᠯ ᠤᠨ ᠲᠦᠷᠦᠭᠦᠤ 7 ᠰᠠᠷ᠎ᠠ ᠳᠤ ᠭᠦᠭᠡᠬᠤᠳᠠ ᠶᠢᠨ ᠬᠡᠪᠴᠢᠶᠡᠵᠢᠯ ᠠᠴᠠ ᠳᠡᠭᠡᠭᠰᠢᠬᠢ ᠠᠵᠤ | ᠦᠢᠯᠡᠳᠪᠦᠷᠢ ᠶᠢᠨ ᠨᠡᠮᠡᠭᠳᠡᠯ ᠦᠷᠳᠡᠭ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 10.2% ᠢᠶᠠᠷ | ᠨᠡᠮᠡᠭᠳᠡᠵᠦ᠂ ᠨᠡᠮᠡᠭᠳᠡᠯ ᠤᠨ ᠬᠤᠷᠳᠤᠴᠠ ᠪᠠᠷ ᠪᠦᠭᠦ ᠤᠯᠤᠰ ᠤᠨ ᠳᠤᠮᠳᠠᠴᠢ ᠲᠦᠪᠰᠢᠨ ᠠᠴᠠ ᠵᠠᠭᠤᠨ ᠤ ᠬᠠᠷᠢᠴᠠᠯ | ᠢᠶᠠᠷ 4.3 ᠬᠤᠪᠢ ᠳᠠᠪᠠᠵᠤ᠂ ᠪᠦᠭᠦ ᠣᠷᠣᠨ ᠤ ᠳᠤᠮᠳᠠᠴᠢ ᠲᠦᠪᠰᠢᠨ ᠠᠴᠠ ᠵᠠᠭᠤᠨ ᠤ ᠬᠠᠷᠢᠴᠠᠯ ᠢᠶᠠᠷ 2.5 | ᠬᠤᠪᠢ ᠳᠠᠪᠠᠪᠠ᠃ | 1 - 7 ᠰᠠᠷ᠎ᠠ ᠳᠤ᠂ ᠭᠦᠭᠡᠬᠤᠳᠠ ᠶᠢᠨ ᠭᠤᠣᠯᠳᠠᠯᠭ᠎ᠠ ᠲᠠᠢ ᠠᠵᠢᠯ ᠲᠦᠷᠦᠯ ᠤᠨ ᠨᠡᠮᠡᠭᠳᠡᠯ ᠦᠷᠳᠡᠭ | ᠮᠡᠳᠡᠭᠳᠡᠮ᠎ᠡ ᠨᠡᠮᠡᠭᠳᠡᠵᠡᠢ᠃ ᠡᠭᠦᠨ ᠳᠤ ᠬᠢᠮᠢ ᠶᠢᠨ ᠲᠦᠭᠦᠬᠡᠢ ᠡᠳ᠋ ᠪᠠ ᠬᠢᠮᠢ ᠶᠢᠨ ᠦᠢᠯᠡᠳᠬᠦᠨ ᠦᠢᠯᠡᠳᠬᠦ ᠦᠢᠯᠡᠰ | ᠤᠨ ᠨᠡᠮᠡᠭᠳᠡᠯ ᠦᠷᠳᠡᠭ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 34% ᠪᠠᠷ ᠨᠡᠮᠡᠭᠳᠡᠵᠦ᠂ ᠢᠳᠡᠭᠡᠨ ᠤ | ᠵᠦᠢᠯ ᠪᠤᠯᠪᠠᠰᠤᠷᠠᠭᠤᠯᠬᠤ ᠦᠢᠯᠡᠰ ᠤᠨ ᠨᠡᠮᠡᠭᠳᠡᠯ ᠦᠷᠳᠡᠭ 14.2% ᠢᠶᠠᠷ ᠨᠡᠮᠡᠭᠳᠡᠨ᠂ ᠴᠢᠯᠠᠭᠤᠨ ᠲᠣᠰᠣ᠂ | ᠨᠡᠭᠦᠷᠡᠰᠦ ᠵᠢᠴᠢ ᠪᠤᠰᠤᠳ ᠰᠢᠲᠠᠮᠠᠬᠠᠢ ᠮᠠᠲ᠋ᠧᠷᠢᠶᠠᠯ ᠡᠳ᠋ᠰᠢᠭᠦᠯᠬᠦ ᠦᠢᠯᠡᠰ ᠤᠨ ᠨᠡᠮᠡᠭᠳᠡᠯ ᠦᠷᠳᠡᠭ 14% ᠪᠠᠷ | ᠨᠡᠮᠡᠭᠳᠡᠪᠡ᠃ ᠠᠵᠤ ᠦᠢᠯᠡᠳᠪᠦᠷᠢ ᠶᠢᠨ ᠭᠤᠷᠪᠠᠨ ᠶᠡᠭᠡ ᠲᠦᠷᠦᠯ ᠵᠦᠢᠯ ᠤᠨ ᠬᠤᠪᠢ ᠳᠤ᠂ ᠠᠭᠤᠷᠬᠠᠢ ᠮᠠᠯᠲᠠᠬᠤ | ᠦᠢᠯᠡᠰ ᠤᠨ ᠨᠡᠮᠡᠭᠳᠡᠯ ᠦᠷᠳᠡᠭ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 7.5% ᠪᠠᠷ ᠨᠡᠮᠡᠭᠳᠡᠵᠦ᠂ | ᠦᠢᠯᠡᠳᠬᠦ ᠦᠢᠯᠡᠰ ᠤᠨ ᠨᠡᠮᠡᠭᠳᠡᠯ ᠦᠷᠳᠡᠭ 6.1% ᠪᠠᠷ ᠨᠡᠮᠡᠭᠳᠡᠨ᠂ ᠴᠠᠭᠢᠯᠭᠠᠨ ᠬᠦᠴᠦ ᠢᠯᠴᠢ ᠶᠢᠨ ᠬᠦᠴᠦ | ᠰᠢᠲᠠᠮᠠᠬᠠᠢ ᠬᠡᠢ ᠵᠢᠴᠢ ᠤᠰᠤᠨ ᠤ ᠦᠢᠯᠡᠳᠪᠦᠷᠢᠯᠡᠯ ᠪᠠ ᠬᠠᠩᠭᠠᠯᠭ᠎ᠠ ᠶᠢᠨ ᠦᠢᠯᠡᠰ ᠤᠨ ᠨᠡᠮᠡᠭᠳᠡᠯ ᠦᠷᠳᠡᠭ 24. | 1% ᠪᠠᠷ ᠨᠡᠮᠡᠭᠳᠡᠵᠡᠢ᠃ | 1 - 7 ᠰᠠᠷ᠎ᠠ ᠳᠤ᠂ ᠭᠦᠭᠡᠬᠤᠳᠠ ᠶᠢᠨ ᠪᠦᠷᠢᠳᠬᠡᠯ ᠳᠤ ᠣᠷᠣᠭᠰᠠᠨ 74 ᠵᠦᠢᠯ ᠤᠨ ᠠᠵᠤ ᠦᠢᠯᠡᠳᠪᠦᠷᠢ | ᠶᠢᠨ ᠭᠤᠣᠯ ᠪᠤᠯᠬᠤ ᠦᠢᠯᠡᠳᠬᠦᠨ ᠠᠴᠠ 40 ᠵᠦᠢᠯ ᠤᠨ ᠦᠢᠯᠡᠳᠬᠦᠨ ᠤ ᠭᠠᠷᠤᠯᠲᠠ ᠨᠢ ᠡᠶᠡᠷᠭᠦ ᠨᠡᠮᠡᠭᠳᠡᠯ ᠲᠠᠢ | ᠪᠠᠶᠢᠵᠤ᠂ ᠨᠡᠮᠡᠭᠳᠡᠯ ᠲᠠᠢ ᠪᠠᠶᠢᠬᠤ ᠬᠡᠪᠴᠢᠶ᠎ᠡ ᠨᠢ 54.1% ᠳᠤ ᠬᠦᠷᠴᠡᠢ᠃ ᠡᠭᠦᠨ ᠳᠤ 135.1 ᠲᠦᠮᠡᠨ ᠳᠤᠨ | ᠴᠠᠭᠠᠨ ᠢᠳᠡᠭᠡᠨ ᠪᠤᠯᠪᠠᠰᠤᠷᠠᠭᠤᠯᠵᠤ᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 12.2% ᠢᠶᠠᠷ | ᠨᠡᠮᠡᠭᠳᠡᠪᠡ᠃ ᠳᠠᠩ ᠲᠠᠯᠠᠰᠲᠤ ᠴᠠᠬᠢᠭᠤᠷ ᠪᠠ ᠤᠯᠠᠨ ᠲᠠᠯᠠᠰᠲᠤ ᠴᠠᠬᠢᠭᠤᠷ ᠤᠨ ᠭᠠᠷᠤᠯᠲᠠ 25.3 ᠲᠦᠮᠡᠨ ᠳᠤᠨ | ᠳᠤ ᠬᠦᠷᠴᠦ᠂ 64.2% ᠢᠶᠠᠷ ᠨᠡᠮᠡᠭᠳᠡᠵᠠᠢ᠃ 441 ᠳ᠋ᠦᠩᠰᠢᠭᠤᠷ ᠺᠢᠯᠣᠸᠠᠲ ᠴᠠᠭ ᠴᠠᠭᠢᠯᠭᠠᠨ ᠭᠠᠷᠭᠠᠵᠤ᠂ 9% | ᠪᠠᠷ ᠨᠡᠮᠡᠭᠳᠡᠪᠡ᠃ 119.2 ᠳ᠋ᠦᠩᠰᠢᠭᠤᠷ ᠶᠣᠵᠣᠭᠤᠷ ᠨᠠᠪᠴᠢᠨ ᠲᠠᠮᠠᠬᠢ ᠦᠢᠯᠡᠳᠪᠦᠷᠢᠯᠡᠵᠦ᠂ 30.9% ᠪᠠᠷ | ᠨᠡᠮᠡᠭᠳᠡᠵᠠᠢ᠃ 27.9 ᠲᠦᠮᠡᠨ ᠳᠤᠨ ᠠᠮᠤᠨ ᠰᠢᠪᠲᠦᠷᠲᠦ ᠬᠦᠴᠢᠯ ᠤᠨ ᠨᠠᠲᠷᠢ ᠦᠢᠯᠡᠳᠪᠦᠷᠢᠯᠡᠵᠦ᠂ 24.8% | ᠪᠠᠷ ᠨᠡᠮᠡᠭᠳᠡᠪᠡ᠃ | |