ᠭᠦᠭᠡᠬᠤᠲᠠ ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠲᠣᠪᠴᠢᠶ᠎ᠠ ᠠᠴᠠ ᠣᠶᠢᠯᠠᠭᠠᠭᠰᠠᠨ ᠢᠶᠠᠷ᠂ | ᠣᠶᠢᠷ᠎ᠠ ᠳᠤ ᠭᠦᠭᠡᠬᠤᠲᠠ︽ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠦᠴᠦᠷᠬᠡᠭ ᠬᠤᠲᠠ ᠶᠢ ᠪᠠᠶᠢᠭᠤᠯᠵᠤ | ᠣᠷᠣᠨ ᠤ ᠲᠥᠪ ᠬᠤᠲᠠ ᠶᠢᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠲᠤᠬᠠᠢ ᠬᠡᠷᠡᠭᠵᠢᠭᠦᠯᠬᠦ ᠰᠠᠨᠠᠯ︾ | ︵ᠳᠣᠷᠣᠭᠰᠢ ︽ᠬᠡᠷᠡᠭᠵᠢᠭᠦᠯᠬᠦ ᠰᠠᠨᠠᠯ︾ ᠭᠡᠵᠦ ᠲᠣᠪᠴᠢᠯᠠᠨ᠎ᠠ︶ ᠢ ᠳᠠᠷᠤᠮᠠᠯᠯᠠᠨ ᠲᠠᠷᠬᠠᠭᠠᠵᠤ᠂ ᠳᠡᠭᠡᠳᠦ ᠰᠢᠨᠵᠢᠯᠡᠬᠦ | ᠤᠬᠠᠭᠠᠨ ᠲᠧᠭᠨᠢᠭ ᠮᠡᠷᠭᠡᠵᠢᠯ᠂ ᠥᠨᠳᠥᠷ ᠪᠦᠲᠦᠮᠵᠢᠲᠡᠶ᠂ ᠴᠢᠨᠠᠷ ᠰᠠᠶᠢᠲᠠᠢ ᠪᠠᠷ ᠭᠤᠣᠯ ᠪᠤᠯᠭᠠᠬᠰᠠᠨ ᠰᠢᠨ᠎ᠡ | ᠴᠢᠨᠠᠷ ᠤᠨ ᠦᠢᠯᠡᠳᠪᠦᠷᠢᠯᠡᠯ ᠤᠨ ᠬᠦᠴᠦᠨ ᠢ ᠲᠦᠷᠭᠡᠳᠬᠡᠨ ᠪᠤᠢ ᠪᠤᠯᠭᠠᠵᠤ᠂ ᠨᠥᠯᠥᠭᠡᠯᠡᠬᠦ ᠬᠦᠴᠦᠨ ᠪᠦᠬᠦᠢ ᠣᠷᠣᠨ | ᠪᠦᠰᠡ ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠡ ᠶᠢ ᠡᠭᠦᠳᠬᠦ ᠲᠥᠪ ᠢ ᠴᠣᠭᠴᠠᠯᠠᠨ᠎ᠠ ᠭᠡᠪᠡ᠃ | ︽ᠬᠡᠷᠡᠭᠵᠢᠭᠦᠯᠬᠦ ᠰᠠᠨᠠᠯ︾ ᠳᠤ᠂ ᠰᠢᠨ᠎ᠡ ᠶᠢ ᠡᠭᠦᠳᠬᠦ ᠲᠠᠪᠴᠠᠩ ᠤᠨ ᠪᠠᠶᠢᠭᠤᠯᠤᠯᠲᠠ ᠶᠢᠨ ᠲᠠᠯ᠎ᠠ ᠪᠠᠷ | ︽ᠴᠢᠳᠠᠪᠤᠷᠢ ᠳᠡᠰ ᠢ ᠳᠡᠭᠡᠭᠰᠢᠯᠡᠭᠦᠯᠭᠦ︾ ᠠᠵᠢᠯᠯᠠᠭ᠎ᠠ᠂ ᠰᠤᠳᠤᠯᠤᠨ ᠨᠡᠭᠡᠭᠡᠬᠦ ᠤᠷᠤᠭᠤᠯᠤᠯᠲᠠ ᠶᠢᠨ ᠲᠠᠯ᠎ᠠ | ᠪᠠᠷ︽ᠨᠡᠮᠡᠭᠳᠡᠯ ᠢ ᠲᠦᠷᠭᠡᠳᠬᠡᠬᠦ︾ᠠᠵᠢᠯᠯᠠᠭ᠎ᠠ᠂ ᠠᠵᠤ ᠦᠢᠯᠡᠰ ᠤᠨ ᠬᠥᠭᠵᠢᠯᠲᠡ ᠶᠢᠨ ᠲᠠᠯ᠎ᠠ ᠪᠠᠷ ᠰᠢᠨ᠎ᠡ ᠴᠢᠨᠠᠷ ᠤᠨ | ᠦᠢᠯᠡᠳᠪᠦᠷᠢᠯᠡᠯ ᠤᠨ ᠬᠦᠴᠦᠨ ᠢ ᠪᠤᠢ ᠪᠤᠯᠭᠠᠬᠤ ︽ᠪᠣᠭᠤᠮᠲᠠ ᠰᠢᠪᠲᠤᠯᠬᠤ︾ ᠠᠵᠢᠯᠯᠠᠭ᠎ᠠ᠂ ᠰᠢᠨ᠎ᠡ ᠶᠢ ᠡᠭᠦᠳᠬᠦ | ᠭᠡᠯᠪᠡᠷᠢ ᠶᠢᠨ ᠠᠵᠤ ᠠᠬᠤᠶᠢᠯᠠᠯ ᠢ ᠪᠤᠢ ᠪᠤᠯᠭᠠᠬᠤ ᠲᠠᠯ᠎ᠠ ᠪᠠᠷ ︽ᠰᠢᠯᠢᠳᠡᠭᠵᠢᠭᠦᠯᠦᠨ ᠪᠤᠢ ᠪᠤᠯᠭᠠᠬᠤ︾ ᠠᠵᠢᠯᠯᠠᠭ᠎ᠠ᠂ | ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠦᠷ᠎ᠡ ᠪᠦᠲᠦᠭᠡᠯ ᠢ ᠣᠨᠳᠣᠣᠰᠢᠭᠤᠯᠤᠨ ᠬᠡᠷᠡᠭᠯᠡᠬᠦ ᠲᠠᠯ᠎ᠠ ᠪᠠᠷ ︽ᠶᠠᠰᠤ | ᠴᠢᠨᠠᠷ ᠢ ᠳᠡᠭᠡᠭᠰᠢᠯᠡᠭᠦᠯᠦᠨ ᠦᠷ᠎ᠡ ᠠᠰᠢᠭ ᠢ ᠨᠡᠮᠡᠭᠳᠡᠭᠦᠯᠬᠦ︾ ᠠᠵᠢᠯᠯᠠᠭ᠎ᠠ᠂ ᠴᠢᠳᠠᠪᠤᠷᠢᠲᠠᠨ ᠤ ᠡᠩᠨᠡᠭᠡ ᠶᠢᠨ | ᠪᠠᠶᠢᠭᠤᠯᠤᠯᠲᠠ ᠶᠢᠨ ᠲᠠᠯ᠎ᠠ ᠪᠠᠷ ︽ᠬᠦᠴᠦᠨ ᠢ ᠬᠤᠷᠠᠮᠳᠤᠭᠤᠯᠤᠨ ᠴᠢᠳᠠᠪᠤᠷᠢᠲᠠᠨ ᠢ ᠲᠥᠪᠯᠡᠷᠡᠭᠦᠯᠬᠦ︾ ᠠᠵᠢᠯᠯᠠᠭ᠎ᠠ᠂ | ᠨᠡᠭᠡᠭᠡᠯᠲᠡ ᠬᠢᠵᠦ ᠬᠠᠮᠲᠤᠷᠠᠯᠴᠠᠬᠤ ᠲᠠᠯ᠎ᠠ ᠪᠠᠷ ︽ᠵᠣᠯᠭᠠᠭᠤᠯᠤᠨ ᠬᠠᠮᠲᠤᠷᠠᠯᠴᠠᠬᠤ︾ ᠠᠵᠢᠯᠯᠠᠭ᠎ᠠ᠂ ᠵᠠᠰᠠᠭ ᠤᠨ ᠣᠷᠳᠣᠨ | ᠂ ᠰᠤᠷᠭᠠᠭᠤᠯᠢ᠂ ᠠᠵᠤ ᠠᠬᠤᠶᠢᠯᠠᠯ ᠤᠨ ᠬᠠᠮᠲᠤᠷᠠᠯᠴᠠᠭᠠᠨ ᠤ ᠲᠠᠯ᠎ᠠ ᠪᠠᠷ ︽ᠬᠤᠣᠰ ᠴᠢᠭᠯᠡᠯ ᠢᠶᠠᠷ ᠬᠦᠴᠦᠨ ᠨᠡᠮᠡᠷᠢᠯᠡᠬᠦ︾ | ᠠᠵᠢᠯᠯᠠᠭ᠎ᠠ ᠪᠠ ᠰᠢᠨ᠎ᠡ ᠶᠢ ᠡᠭᠦᠳᠦᠨ ᠦᠢᠯᠡᠰ ᠪᠣᠰᠬᠠᠬᠤ ᠠᠮᠢ ᠠᠬᠤᠢ ᠶᠢ ︽ᠰᠢᠯᠢᠳᠡᠭᠵᠢᠭᠦᠯᠦᠨ ᠰᠠᠶᠢᠵᠢᠷᠠᠭᠤᠯᠬᠤ︾ | ᠠᠵᠢᠯᠯᠠᠭ᠎ᠠ ᠵᠡᠷᠭᠡ ︽ᠶᠢᠰᠦᠨ ᠶᠡᠭᠡ ᠠᠵᠢᠯᠯᠠᠭ᠎ᠠ︾ ᠶᠢ ᠳᠤᠷᠠᠳᠤᠨ᠂ 26 ᠵᠦᠢᠯ ᠤᠨ ᠪᠣᠳᠠᠲᠠᠢ ᠡᠭᠦᠷᠭᠡ ᠶᠢ | ᠲᠣᠳᠣᠷᠬᠠᠶᠢᠯᠠᠵᠤ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠡ ᠶᠢ ᠡᠭᠦᠳᠬᠦ ᠪᠠ ᠠᠵᠤ ᠦᠢᠯᠡᠰ ᠤᠨ | ᠰᠢᠨ᠎ᠡ ᠶᠢ ᠡᠭᠦᠳᠬᠦ ᠶᠢ ᠭᠦᠨᠵᠡᠭᠡᠢ ᠠᠭᠤᠰᠤᠯᠴᠠᠭᠤᠯᠬᠤ ᠳᠤ ᠲᠣᠳᠣᠷᠬᠠᠢ ᠠᠷᠭ᠎ᠠ ᠵᠠᠮ ᠬᠠᠩᠭᠠᠵᠠᠢ᠃ | ︽ᠬᠡᠷᠡᠭᠵᠢᠭᠦᠯᠬᠦ ᠰᠠᠨᠠᠯ︾ ᠳᠤ ᠪᠠᠰᠠ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠦᠴᠦᠷᠬᠡᠭ ᠬᠤᠲᠠ ᠶᠢᠨ | ᠪᠠᠶᠢᠭᠤᠯᠤᠯᠲᠠ ᠶᠢᠨ︽ᠭᠤᠷᠪᠠ ᠶᠢ ᠳᠠᠭᠢᠨ ᠢᠶᠠᠷ ᠨᠡᠮᠡᠭᠳᠡᠭᠦᠯᠬᠦ︾᠂ ︽ᠭᠤᠷᠪᠠ ᠶᠢ ᠳᠠᠷᠠᠭᠠᠯᠠᠨ ᠨᠡᠮᠡᠭᠳᠡᠭᠦᠯᠬᠦ︾᠂ ︽ᠭᠤᠷᠪᠠᠨ | ᠨᠢᠭᠡ ᠪᠦᠯᠦᠭ︾ ᠤᠨ ᠶᠡᠷᠦᠩᠬᠡᠢ ᠬᠠᠷᠠᠯᠲᠠ ᠶᠢ ᠳᠤᠷᠠᠳᠤᠨ ᠭᠠᠷᠭᠠᠪᠠ᠃ ᠲᠤᠬᠠᠶᠢᠯᠠᠪᠠᠯ᠄ 2027 ᠣᠨ ᠪᠤᠯᠬᠤ ᠳᠤ | ᠣᠷᠣᠨ ᠤ ᠲᠥᠪ ᠬᠤᠲᠠ ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠵᠠᠷᠤᠳᠠᠯ ᠤᠨ ᠣᠷᠣᠭᠤᠯᠤᠯᠲᠠ᠂ | ᠠᠺᠠᠳᠧᠮᠢᠴᠢ ᠲᠤᠰᠬᠠᠢ ᠮᠡᠷᠭᠡᠵᠢᠯᠲᠡᠨ ᠤ ᠠᠵᠢᠯ ᠤᠨ ᠥᠷᠲᠡᠭᠡ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ | ᠳᠠᠭᠠᠭᠤᠯᠤᠭᠴᠢ ᠠᠵᠤ ᠠᠬᠤᠶᠢᠯᠠᠯ ᠢ 2024 ᠣᠨ ᠤ ᠬᠢ ᠠᠴᠠ ᠬᠤᠶᠠᠷ ᠳᠠᠭᠢᠨ ᠢᠶᠠᠷ ᠨᠡᠮᠡᠭᠳᠡᠭᠦᠯᠦᠨ᠎ᠡ᠃ | ᠤᠯᠤᠰ ᠤᠨ ᠲᠡᠰ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠡ ᠶᠢ ᠡᠭᠦᠳᠬᠦ ᠲᠠᠪᠴᠠᠩ ᠤᠨ ᠲᠤᠭ᠎ᠠ ᠶᠢ | ᠵᠢᠯ ᠳᠠᠷᠠᠭᠠᠯᠠᠨ ᠨᠡᠮᠡᠭᠳᠡᠭᠦᠯᠵᠦ 40 ᠶᠢ ᠳᠠᠪᠠᠭᠤᠯᠤᠨ᠎ᠠ᠃ ᠤᠯᠤᠰ ᠤᠨ ᠲᠡᠰ ᠤᠨ ᠰᠢᠨᠵᠢᠯᠡᠬᠦ ᠤᠬᠠᠭᠠᠨ ᠲᠧᠭᠨᠢᠭ | ᠮᠡᠷᠭᠡᠵᠢᠯ ᠤᠨ ᠭᠡᠯᠪᠡᠷᠢ ᠶᠢᠨ ᠠᠵᠤ ᠠᠬᠤᠶᠢᠯᠠᠯ ᠤᠨ ᠲᠤᠭ᠎ᠠ ᠶᠢ ᠵᠢᠯ ᠳᠠᠷᠠᠭᠠᠯᠠᠨ ᠨᠡᠮᠡᠭᠳᠡᠭᠦᠯᠵᠦ 1600 ᠭᠠᠷᠤᠢ | ᠪᠤᠯᠭᠠᠨ᠎ᠠ᠃ ᠮᠡᠷᠭᠡᠵᠢᠯ ᠤᠨ ᠭᠡᠷ᠎ᠡ ᠶᠢᠨ ᠠᠷᠠᠯᠵᠢᠶ᠎ᠠ ᠪᠦᠲᠦᠭᠰᠡᠨ ᠬᠡᠮᠵᠢᠶ᠎ᠡ ᠶᠢ ᠵᠢᠯ ᠳᠠᠷᠠᠭᠠᠯᠠᠨ ᠨᠡᠮᠡᠭᠳᠡᠭᠦᠯᠦᠨ᠎ᠡ᠃ ᠨᠢᠭᠡ | ᠪᠦᠯᠦᠭ ᠴᠢᠬᠤᠯᠠ ᠶᠡᠭᠡ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠦᠷ᠎ᠡ ᠪᠦᠲᠦᠭᠡᠯ ᠢ ᠣᠨᠳᠣᠣᠰᠢᠭᠤᠯᠵᠤ᠂ | ᠨᠢᠭᠡ ᠪᠦᠯᠦᠭ ᠲᠡᠷᠢᠭᠦᠨ ᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠦᠷᠢᠶᠡᠯᠡᠩ ᠲᠣᠭᠤᠷᠢᠭ ᠢ ᠪᠤᠶ ᠪᠤᠯᠭᠠᠵᠤ᠂ | ᠨᠢᠭᠡ ᠪᠦᠯᠦᠭ ᠭᠤᠣᠯᠯᠠᠬᠤ ᠥᠷᠢᠰᠦᠯᠳᠦᠬᠦ ᠬᠦᠴᠦᠨ ᠪᠦᠬᠦᠢ ᠰᠢᠨ᠎ᠡ ᠶᠢ ᠡᠭᠦᠳᠬᠦ ᠭᠡᠯᠪᠡᠷᠢ ᠶᠢᠨ ᠠᠵᠤ ᠦᠢᠯᠡᠰ ᠤᠨ | ᠪᠦᠯᠦᠭᠵᠢᠯ ᠢ ᠪᠤᠢ ᠪᠣᠯᠭᠠᠨ᠎ᠠ ᠭᠡᠵᠡᠢ᠃ |