ᠵᠤᠭᠠᠴᠠᠭᠰᠠᠳ ᠤᠨ ᠥᠨᠳᠥᠷ ᠲᠤ ᠠᠪᠠᠷᠢᠨ ᠰᠠᠶᠢᠬᠠᠨ ᠦᠵᠡᠮᠵᠢ ᠶᠢ ᠰᠣᠨᠢᠷᠬᠠᠬᠤ ᠳᠤ ᠨᠢ ᠲᠦᠬᠦᠮ | ᠦᠵᠡᠭᠦᠯᠵᠦ᠂ ᠯᠣᠣ ᠨᠢᠦ ᠸᠠᠨ ᠬᠠᠳᠤᠨ ᠭᠤᠣᠯ ᠤᠨ ᠶᠡᠭᠡ ᠬᠠᠪᠴᠢᠯ ᠤᠨ ᠰᠦᠷᠯᠢᠭ ᠰᠠᠶᠢᠬᠠᠨ ᠦᠵᠡᠮᠵᠢ ᠶᠢ ᠨᠡᠩ | ᠰᠠᠶᠢᠬᠠᠨ ᠪᠡᠶᠡᠴᠢᠯᠡᠨ ᠣᠶᠢᠯᠠᠭᠠᠭᠤᠯᠬᠤ ᠶᠢᠨ ᠲᠥᠯᠥᠭᠡ᠂ 4 ᠳ᠋ᠦ᠋ᠭᠡᠷ ᠰᠠᠷ᠎ᠠ ᠶᠢᠨ 17 ᠤ ᠡᠳᠦᠷ᠂ | ᠬᠥᠬᠡᠬᠤᠲᠠ ᠶᠢᠨ ᠯᠣᠣ ᠨᠢᠦ ᠸᠠᠨ ᠬᠠᠳᠤᠨ ᠭᠤᠣᠯ ᠤᠨ ᠶᠡᠭᠡ ᠬᠠᠪᠴᠢᠯ ᠤᠨ ᠵᠢᠭᠤᠯᠴᠢᠯᠠᠯ ᠤᠨ ᠣᠷᠣᠨ ᠲᠡᠦᠬᠡᠲᠦ | ᠴᠢᠨᠠᠷᠲᠠᠢ ᠴᠠᠭ ᠮᠥᠴᠡ ᠶᠢ ᠤᠭᠲᠤᠨ ᠠᠪᠤᠯ᠎ᠠ ︱ ᠮᠠᠨ ᠤ ᠤᠯᠤᠰ ᠤᠨ ᠤᠮᠠᠷᠠᠲᠤ ᠣᠷᠣᠨ ᠤ ᠠᠩᠬᠠᠳᠠᠭᠴᠢ 5A | ᠳᠡᠰ ᠤᠨ ᠦᠵᠡᠮᠵᠢ ᠶᠢᠨ ᠣᠷᠣᠨ ᠤ ᠪᠦᠬᠦ ᠭᠡᠷ ᠤᠨ ᠭᠠᠳᠠᠨᠠᠬᠢ ᠵᠤᠭᠠᠴᠠᠯ ᠤᠨ ᠲᠦᠰᠢᠭᠦᠷ ᠱᠠᠲᠤ ᠶᠢ ᠤᠭᠰᠠᠷᠠᠵᠤ | ᠨᠡᠶᠢᠯᠡᠭᠦᠯᠪᠡ᠃ 50 ᠡᠳᠦᠷ ᠤᠨ ᠴᠠᠭ ᠵᠠᠷᠤᠴᠠᠭᠤᠯᠵᠤ ᠪᠠᠶᠢᠭᠠᠳ ᠪᠠᠶᠢᠭᠤᠯᠬᠤ ᠪᠠᠷ ᠵᠢᠱᠢᠭᠰᠡᠨ ᠡᠨᠡᠬᠦ ︽ᠡᠭᠦᠯᠡᠨ | ᠦᠵᠦᠭᠦᠷ ᠲᠠᠬᠢ ᠲᠡᠭᠷᠢ ᠶᠢᠨ ᠱᠠᠲᠤ︾ ᠶᠢ ᠭᠤᠷᠪᠠᠨ ᠬᠡᠰᠡᠭ ᠴᠠᠬᠢᠯᠭᠠᠨ ᠱᠠᠲᠤ ᠪᠠᠷ ᠤᠭᠰᠠᠷᠠᠨ ᠬᠤᠯᠪᠣᠵᠤ᠂ | ᠡᠭᠴᠡ ᠪᠠᠷ ᠳᠡᠭᠡᠭᠰᠢᠯᠡᠭᠦᠯᠬᠦ ᠦᠨᠳᠦᠷ ᠤᠨ ᠬᠡᠮᠵᠢᠶ᠎ᠡ ᠨᠢ 31.79 ᠮᠧᠲᠷ ᠪᠠᠶᠢᠵᠤ᠂ 488 ᠳᠡᠰ ᠤᠨ ᠶᠡᠨᠳᠡᠷ ᠲᠤ | ᠠᠪᠠᠷᠢᠬᠤ ᠴᠢᠬᠤᠯᠠᠲᠠᠢ ᠪᠠᠶᠢᠭᠰᠠᠨ ᠡᠭᠴᠡ ᠠᠰᠬ᠎ᠠ ᠠᠭᠤᠯᠠᠨ ᠵᠠᠮ ᠢ 5 ᠮᠢᠨᠦ᠋ᠲ ᠲᠤ ᠬᠠᠩᠭᠠᠯᠤᠭᠤᠨ ᠰᠡᠯᠡᠭᠦᠴᠡᠨ | ᠰᠣᠨᠢᠷᠬᠠᠬᠤ ᠪᠣᠯᠭᠠᠨ ᠬᠤᠪᠢᠷᠠᠭᠤᠯᠤᠭᠰᠠᠨ ᠪᠠᠶᠢᠨ᠎ᠠ᠃ | ᠬᠠᠲᠤᠨ ᠭᠤᠣᠯ ᠤᠨ ᠰᠠᠪᠠ ᠭᠠᠵᠠᠷ ᠤᠨ ᠰᠣᠶᠣᠯ ᠵᠢᠭᠤᠯᠴᠢᠯᠠᠯ ᠤᠨ ᠠᠭᠤᠰᠤᠯᠴᠠᠯ ᠤᠨ ᠵᠢᠱᠢᠶ᠎ᠡ ᠦᠵᠡᠭᠦᠯᠬᠦ | ᠲᠥᠷᠥᠯ ᠵᠦᠢᠯ ᠪᠣᠯᠤᠭᠰᠠᠨ ᠤ ᠬᠤᠪᠢ ᠳᠤ᠂ ᠲᠣᠰ ᠴᠠᠬᠢᠯᠭᠠᠨ ᠱᠠᠲᠤ ᠶᠢᠨ ᠰᠢᠨ᠎ᠡ ᠶᠢ ᠡᠭᠦᠳᠬᠦ ᠳᠤ ᠪᠥᠬᠦ ᠭᠡᠷ ᠤᠨ | ᠭᠠᠳᠠᠨᠠᠬᠢ ᠵᠢᠷᠤᠭ ᠲᠥᠯᠥᠪᠯᠡᠭᠡ ᠶᠢ ᠬᠡᠷᠡᠭᠯᠡᠵᠦ᠂ ᠵᠤᠭᠠᠴᠠᠭᠰᠠᠳ ᠰᠠᠭᠤᠬᠤ ᠶᠠᠪᠤᠴᠠ ᠳᠠᠭᠠᠨ ᠬᠠᠲᠤᠨ ᠭᠤᠣᠯ ᠤᠨ | ᠣᠷᠭᠢᠯᠤᠨ ᠳᠠᠪᠠᠯᠭᠠᠯᠠᠬᠤ ᠪᠠ ᠮᠢᠩ ᠤᠯᠤᠰ ᠤᠨ ᠣᠷᠳᠣ ᠴᠠᠭᠠᠨ ᠬᠡᠷᠡᠮ ᠤᠨ ᠪᠠᠭᠤᠷᠢ ᠶᠢᠨ ᠰᠦᠷᠯᠢᠭ ᠰᠠᠶᠢᠬᠠᠨ | ᠦᠵᠡᠮᠵᠢ ᠶᠢ ᠵᠡᠷᠭᠡ ᠪᠠᠷ ᠰᠣᠨᠢᠷᠬᠠᠵᠤ ᠪᠣᠯᠣᠨ᠎ᠠ᠃ ᠦᠵᠡᠮᠵᠢ ᠶᠢᠨ ᠣᠷᠣᠨ ᠤ ᠬᠠᠷᠢᠭᠤᠴᠠᠯᠭᠠᠲᠠᠨ | ᠢᠯᠡᠷᠬᠡᠶᠢᠯᠡᠬᠦ ᠳᠡᠭᠡᠨ᠂ ᠲᠥᠬᠦᠭᠡᠷᠦᠮᠵᠢ ᠶᠢ 4 ᠳ᠋ᠦ᠋ᠭᠡᠷ ᠰᠠᠷ᠎ᠠ ᠶᠢᠨ ᠰᠡᠭᠦᠯᠴᠢ ᠪᠠᠷ ᠲᠤᠰᠢᠶᠠᠨ ᠥᠭᠴᠦ | ᠬᠡᠷᠡᠭᠯᠡᠭᠦᠯᠦᠨ᠎ᠡ᠂ ᠠᠰᠢᠭᠯᠠᠯᠲᠠ ᠳᠤ ᠣᠷᠣᠭᠤᠯᠤᠭᠰᠠᠨ ᠤ ᠳᠠᠷᠠᠭ᠎ᠠ ᠨᠠᠰᠤᠲᠠᠶᠢᠴᠤᠳ ᠪᠠ ᠬᠡᠦᠬᠡᠳ ᠲᠤ ᠰᠠᠭᠠᠳ | ᠦᠭᠡᠢ ᠵᠢᠭᠤᠯᠴᠢᠯᠠᠯ ᠤᠨ ᠲᠥᠰᠥᠯ ᠬᠠᠩᠭᠠᠬᠤ ᠪᠠᠷ ᠪᠠᠷᠠᠬᠤ ᠦᠭᠡᠢ᠂ ᠨᠠᠩ ᠴᠤ ᠵᠢᠭᠤᠯᠴᠢᠯᠠᠭᠴᠢᠳ ᠤᠨ ᠲᠠᠮᠢᠷ | ᠲᠡᠩᠬᠡᠭᠡ ᠪᠠᠨ ᠪᠠᠶᠢᠭᠠᠯᠢ ᠶᠢᠨ ᠬᠥᠮᠥᠨ ᠰᠣᠶᠣᠯ ᠤᠨ ᠦᠵᠡᠮᠵᠢ ᠶᠢᠨ ᠭᠦᠨᠵᠡᠭᠡᠢ ᠣᠶᠢᠯᠠᠭᠠᠯᠲᠠ ᠳᠤ ᠲᠦᠪᠯᠡᠷᠡᠭᠦᠯᠬᠦ | ᠪᠣᠯᠭᠠᠨ᠎ᠠ ᠭᠡᠵᠡᠢ᠃ | ᠲᠣᠰ ᠤᠳᠠᠭᠠᠨ ᠤ ᠴᠠᠬᠢᠯᠭᠠᠨ ᠱᠠᠲᠤ ᠶᠢᠨ ᠢᠨᠵᠧᠨᠧᠷᠢᠩ ᠨᠢ ᠣᠲᠣ ᠦᠶ᠎ᠡ ᠶᠢᠨ ᠢᠨᠵᠧᠨᠧᠷᠢᠩ ᠤᠨ | ᠮᠡᠷᠭᠡᠵᠢᠯ ᠤᠨ ︽ᠵᠢᠯᠣᠭᠤᠴᠢ ᠦᠭᠡᠢ ᠮᠠᠰᠢᠨ ᠠᠵᠢᠯᠯᠠᠬᠤ︾ ᠪᠠᠷ ᠳᠠᠮᠵᠢᠭᠤᠯᠤᠨ ᠮᠢᠩᠭᠠᠨ ᠣᠨ ᠤ ᠪᠣᠯᠪᠠᠰᠤᠨ ᠤ | ᠦᠯᠡᠳᠡᠭᠳᠡᠯ ᠢ ᠡᠷᠭᠦᠭᠰᠡᠨ ᠶᠠᠪᠤᠳᠠᠯ ᠨᠢ᠂ ᠯᠣᠸ ᠨᠢᠦ ᠸᠠᠨ ᠤ ᠦᠵᠡᠮᠵᠢ ᠶᠢᠨ ᠣᠷᠣᠨ ᠣᠶᠤᠨᠴᠢ ᠵᠢᠭᠤᠯᠴᠢᠯᠠᠯ ᠤᠨ | ᠰᠢᠨ᠎ᠡ ᠱᠠᠲᠤᠨ ᠳᠤ ᠵᠢᠩᠬᠢᠨᠢ ᠪᠠᠷ ᠣᠷᠣᠭᠰᠠᠨ ᠢ ᠬᠠᠷᠠᠭᠤᠯᠵᠤ ᠪᠠᠶᠢᠨ᠎ᠠ᠃ ᠳᠠᠷᠠᠭᠠᠴᠢ ᠶᠢᠨ ᠠᠯᠬᠤᠮ ᠳᠤ᠂ | ᠦᠵᠡᠮᠵᠢ ᠶᠢᠨ ᠣᠷᠣᠨ ᠤ ᠬᠢᠨ ᠳᠥᠷᠪᠡᠯᠵᠢᠨ ᠦᠷᠦᠬᠡ ᠲᠠᠢ ᠪᠠᠭᠤᠳᠠᠯ ᠵᠡᠷᠭᠡ ᠢᠵᠢ ᠪᠦᠷᠢᠳᠦᠭᠰᠡᠨ ᠲᠦᠷᠦᠯ | ᠵᠦᠢᠯ ᠢ ᠵᠡᠷᠭᠡᠪᠡᠷ ᠲᠥᠯᠥᠪᠵᠢᠭᠦᠯᠵᠦ᠂ ᠢᠷᠡᠭᠡᠳᠦᠢ ᠳᠤ ︽ᠵᠤᠭᠠᠴᠠᠯ ᠤᠨ ᠣᠩᠭᠤᠴᠠ ᠬᠠᠳᠤᠨ ᠭᠤᠣᠯ ᠢ | ᠲᠤᠭᠤᠯᠵᠤ᠂ ᠴᠠᠬᠢᠯᠭᠠᠨ ᠱᠠᠲᠤ ᠪᠠᠷ ᠤᠷᠳᠤ ᠴᠠᠭᠠᠨ ᠬᠡᠷᠡᠮ ᠢ ᠰᠣᠨᠢᠷᠬᠠᠵᠤ᠂ ᠣᠳᠣᠨ ᠣᠭᠲᠠᠷᠭᠤᠢ ᠶᠢᠨ ᠳᠣᠣᠷ᠎ᠠ | ᠬᠠᠪᠴᠢᠯ ᠳᠤ ᠬᠤᠨᠣᠭᠯᠠᠬᠤ︾ ᠪᠦᠬᠦ ᠬᠡᠯᠬᠢᠶᠡᠵᠢᠭᠦᠯᠦᠭᠰᠡᠨ ᠰᠣᠶᠣᠯ ᠵᠢᠭᠤᠯᠴᠢᠯᠠᠯ ᠤᠨ ᠪᠡᠶᠡᠴᠢᠯᠡᠨ ᠣᠶᠢᠯᠠᠭᠠᠯᠲᠠ ᠶᠢ | ᠪᠦᠷᠢᠯᠳᠦᠭᠦᠯᠬᠦ ᠪᠣᠯᠣᠨ᠎ᠠ᠃ | |