ᠴᠢᠩ ᠱᠦᠢ ᠾᠧ ᠰᠢᠶᠠᠨ ᠤ ᠠᠷᠠᠳ ᠤᠨ ᠵᠠᠰᠠᠭ ᠤᠨ ᠣᠷᠳᠣᠨ ᠪᠣᠯᠣᠨ ᠬᠠᠩᠵᠧᠦ ᠶᠢᠨ ᠳ᠋ᠧ ᠬᠠᠢ ᠠᠢ ᠺᠧ ᠺᠣᠮᠫᠠᠨᠢ ᠰᠢᠨ᠎ᠡ ᠡᠨᠧᠷᠭᠢ ᠶᠢᠨ ᠠᠵᠤ ᠦᠢᠯᠡᠰ ᠤᠨ ᠬᠥᠭᠵᠢᠯᠲᠡ ᠶᠢᠨ ᠰᠢᠨ᠎ᠡ ᠵᠢᠷᠤᠭ ᠲᠦᠯᠦᠪᠯᠡᠭᠡ ᠶᠢ ᠬᠠᠮᠲᠤᠪᠠᠷ ᠵᠢᠷᠤᠭᠯᠠᠬᠤ ᠪᠠᠷ ᠠᠮᠵᠢᠯᠲᠠ ᠲᠠᠢ ᠭᠡᠷ᠎ᠡ ᠲᠣᠭᠲᠠᠵᠠᠢ
ᠨᠡᠶᠢᠲᠡᠯᠡᠭᠰᠡᠨ ᠴᠠᠭ᠄
2025/4/3
  ᠣᠶᠢᠷ᠎ᠠ ᠳᠤ᠂ ᠴᠢᠩ ᠱᠦᠢ ᠾᠧ ᠰᠢᠶᠠᠨ ᠤ ᠠᠷᠠᠳ ᠤᠨ ᠵᠠᠰᠠᠭ ᠤᠨ ᠣᠷᠳᠣᠨ ᠪᠣᠯᠣᠨ ᠬᠠᠩᠵᠧᠦ ᠶᠢᠨ ᠳ᠋ᠧ ᠬᠠᠢ ᠠᠢ ᠺᠧ ᠡᠨᠧᠷᠭᠢ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠬᠢᠵᠠᠭᠠᠷᠲᠤ ᠺᠣᠮᠫᠠᠨᠢ ᠲᠠᠢ ᠭᠠᠷ ᠤᠨ ᠦᠰᠦᠭ ᠵᠢᠷᠤᠬᠤ ᠶᠣᠰᠣᠯᠠᠯ ᠶᠠᠪᠤᠭᠤᠯᠵᠤ᠂ ᠬᠤᠶᠠᠷ ᠲᠠᠯ᠎ᠠ ᠪᠠᠷ ᠢᠶᠠᠨ ᠭᠠᠷ ᠬᠤᠯᠪᠣᠨ ᠬᠠᠮᠲᠤᠷᠠᠯᠴᠠᠨ᠂ ᠴᠢᠩ ᠱᠦᠢ ᠾᠧ ᠰᠢᠶᠠᠨ ᠤ ᠰᠢᠨ᠎ᠡ ᠡᠨᠧᠷᠭᠢ ᠶᠢᠨ ᠠᠵᠤ ᠦᠢᠯᠡᠰ ᠤᠨ ᠬᠥᠭᠵᠢᠯᠲᠡ ᠶᠢᠨ ᠴᠣ ᠰᠢᠨ᠎ᠡ ᠬᠠᠭᠤᠳᠠᠰᠤ ᠶᠢ ᠬᠠᠮᠲᠤᠪᠠᠷ ᠨᠡᠭᠡᠭᠡᠬᠦ ᠪᠠᠷ ᠪᠤᠢ᠃   ᠬᠠᠩᠵᠧᠦ ᠶᠢᠨ ᠳ᠋ᠧ ᠬᠠᠢ ᠠᠢ ᠺᠧ ᠡᠨᠧᠷᠭᠢ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠬᠢᠵᠠᠭᠠᠷᠲᠤ ᠺᠣᠮᠫᠠᠨᠢ ᠴᠢᠩ ᠱᠦᠢ ᠾᠧ ᠰᠢᠶᠠᠨ ᠤ ᠬᠠᠷᠢᠶ᠎ᠠ ᠣᠷᠣᠨ ᠳᠤ ᠪᠡᠯᠡ ᠣᠷᠣᠭᠤᠯᠤᠨ ᠸᠠᠨᠠᠳᠢ ᠶᠢᠨ ᠰᠢᠩᠭᠡᠨ ᠤᠷᠤᠰᠬᠠᠯᠲᠤ ᠳ᠋ᠢᠶᠠᠨ ᡂᠢ ᠦᠢᠯᠡᠳᠪᠦᠷᠢᠯᠡᠬᠦ ᠲᠥᠪ ᠤᠨ ᠲᠦᠷᠦᠯ ᠵᠦᠢᠯ ᠢ ᠪᠦᠲᠦᠭᠡᠨ ᠪᠠᠶᠢᠭᠤᠯᠬᠤ ᠪᠠᠷ ᠲᠦᠯᠦᠪᠯᠡᠵᠦ᠂ ᠲᠦᠷᠦᠯ ᠵᠦᠢᠯ ᠤᠨ ᠪᠡᠯᠡ ᠣᠷᠣᠭᠤᠯᠤᠯᠲᠠ ᠶᠢᠨ ᠶᠡᠷᠦᠩᠬᠡᠢ ᠲᠤᠭ᠎ᠠ ᠨᠢ ᠵᠢᠱᠢᠯᠲᠡ ᠪᠠᠷ 20 ᠳ᠋ᠦᠩᠰᠢᠭᠤᠷ ᠲᠥᠭᠦᠷᠢᠭ ᠪᠣᠯᠣᠨ᠎ᠠ᠃ ᠡᠨᠡ ᠤᠳᠠᠭ᠎ᠠ ᠬᠠᠩᠵᠧᠦ ᠶᠢᠨ ᠳ᠋ᠧ ᠬᠠᠢ ᠠᠢ ᠺᠧ ᠯᠤᠭ᠎ᠠ ᠶᠢᠨ ᠬᠠᠮᠲᠤᠷᠠᠯᠴᠠᠭ᠎ᠠ ᠨᠢ ᠴᠢᠩ ᠱᠦᠢ ᠾᠧ ᠰᠢᠶᠠᠨ ᠤ ᠠᠵᠤ ᠠᠬᠤᠢ ᠨᠡᠶᠢᠭᠡᠮ ᠤᠨ ᠬᠥᠭᠵᠢᠯᠲᠡ ᠳᠤ ᠰᠢᠨ᠎ᠡ ᠠᠵᠠ ᠲᠣᠬᠢᠶᠠᠯ ᠪᠠ ᠥᠷᠢᠰᠦᠯᠳᠦᠭᠡᠨ ᠢ ᠠᠪᠴᠢᠷᠠᠵᠤ᠂ ᠰᠢᠨ᠎ᠡ ᠡᠨᠧᠷᠭᠢ ᠶᠢᠨ ᠲᠦᠷᠦᠯ ᠵᠦᠢᠯ ᠤᠨ ᠨᠠᠶᠢᠳᠠᠪᠤᠷᠢᠵᠢᠭᠤᠯᠤᠯᠲᠠ ᠶᠢ ᠬᠠᠮᠲᠤᠪᠠᠷ ᠠᠬᠢᠭᠤᠯᠬᠤ ᠪᠣᠯᠣᠨ᠎ᠠ᠃
 
ᠢᠷᠡᠯᠲᠡ᠄ ᠴᠢᠩ ᠱᠦᠢ ᠾᠧ ᠰᠢᠶᠠᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11002890号-1