ᠲᠥᠪ ᠤᠨ ᠪᠠᠶᠢᠭᠤᠯᠭ᠎ᠠ ᠵᠢᠴᠢ ᠲᠡᠭᠦᠨ ᠤ ᠰᠢᠭᠤᠳ ᠬᠠᠷᠢᠶ᠎ᠠ ᠪᠠᠶᠢᠭᠤᠯᠤᠮᠵᠢ ᠶᠢᠨ 2025 ᠣᠨ ᠤ | ᠠᠯᠪᠠᠲᠠᠨ ᠨᠦᠬᠦᠵᠦ ᠡᠯᠰᠡᠬᠦ ᠨᠡᠷ᠎ᠡ ᠮᠡᠳᠡᠭᠦᠯᠬᠦ ᠠᠵᠢᠯ ᠤᠳᠠᠯ ᠦᠭᠡᠢ ᠡᠬᠢᠯᠡᠬᠦ ᠭᠡᠵᠦ ᠪᠠᠶᠢᠨ᠎ᠠ᠂ ᠰᠢᠯᠭᠠᠯᠲᠠ ᠳᠤ | ᠨᠡᠷ᠎ᠡ ᠮᠡᠳᠡᠭᠦᠯᠦᠭᠰᠡᠳ 5 ᠰᠠᠷ᠎ᠠ ᠶᠢᠨ 8 ᠤ ᠡᠳᠦᠷ ᠤᠨ8᠄00 ᠠᠴᠠ 5 ᠰᠠᠷ᠎ᠠ ᠶᠢᠨ10 ᠤ ᠡᠳᠦᠷ ᠤᠨ18 | ᠄00 ᠤᠨ ᠬᠤᠭᠤᠷᠤᠨᠳᠤ ︽ᠲᠥᠪ ᠤᠨ ᠪᠠᠶᠢᠭᠤᠯᠭ᠎ᠠ ᠵᠢᠴᠢ ᠲᠡᠭᠦᠨ ᠤ ᠰᠢᠭᠤᠳ ᠬᠠᠷᠢᠶ᠎ᠠ ᠪᠠᠶᠢᠭᠤᠯᠤᠮᠵᠢ ᠶᠢᠨ | 2025 ᠣᠨ ᠤ ᠠᠯᠪᠠᠲᠠᠨ ᠰᠢᠯᠭᠠᠵᠤ ᠡᠯᠰᠡᠬᠦ ᠲᠤᠰᠬᠠᠢ ᠰᠦᠯᠵᠢᠶ᠎ᠡ︾ ︵http://bm.scs.gov. | cn/kl2025︶ ᠳᠤ ᠭᠠᠷᠴᠤ ᠰᠦᠯᠵᠢᠶᠡᠨ ᠳᠡᠭᠡᠷ᠎ᠡ ᠨᠡᠷ᠎ᠡ ᠮᠡᠳᠡᠭᠦᠯᠵᠦ ᠪᠣᠯᠣᠨ᠎ᠠ᠂ ᠨᠢᠭᠤᠷᠳᠠᠨ ᠰᠢᠯᠭᠠᠯᠲᠠ 5 | ᠰᠠᠷ᠎ᠠ ᠶᠢᠨ ᠳᠤᠮᠳᠠᠴᠢ ᠰᠡᠭᠦᠯᠴᠢ ᠪᠠᠷ ᠶᠠᠪᠤᠭᠳᠠᠨ᠎ᠠ᠃ | ᠲᠤᠰ ᠤᠳᠠᠭ᠎ᠠ ᠶᠢᠨ ᠨᠦᠬᠦᠨ ᠡᠯᠰᠡᠯᠲᠡ ᠳᠤ ᠨᠡᠶᠢᠲᠡ 27 ᠰᠠᠯᠠᠭ᠎ᠠ ᠮᠦᠴᠢᠷ ᠣᠷᠣᠯᠴᠠᠵᠤ᠂ 2577 | ᠬᠦᠮᠦᠨ ᠡᠯᠰᠡᠬᠦ ᠪᠠᠷ ᠲᠦᠯᠦᠪᠯᠡᠵᠦ᠂ ᠡᠭᠦᠨ ᠳᠤ 1900 ᠭᠠᠷᠤᠢ ᠨᠢ ᠲᠤᠰ ᠬᠤᠭᠤᠴᠠᠭᠠᠨ ᠤ ᠶᠡᠭᠡ ᠳᠡᠭᠡᠳᠦ | ᠰᠤᠷᠭᠠᠭᠤᠯᠢ ᠲᠡᠭᠦᠰᠦᠭᠰᠡᠳ ᠢ ᠡᠯᠰᠡᠬᠦ ᠪᠠᠷ ᠲᠥᠯᠥᠪᠯᠡᠵᠦ ᠪᠤᠢ᠃ ᠲᠥᠪ ᠤᠨ ᠪᠠᠶᠢᠭᠤᠯᠭ᠎ᠠ ᠵᠢᠴᠢ ᠲᠡᠭᠦᠨ ᠤ | ᠰᠢᠭᠤᠳ ᠬᠠᠷᠢᠶ᠎ᠠ ᠪᠠᠶᠢᠭᠤᠯᠤᠮᠵᠢ ᠶᠢᠨ2025 ᠣᠨ ᠤ ᠠᠯᠪᠠᠲᠠᠨ ᠡᠯᠰᠡᠬᠦ ᠰᠢᠯᠭᠠᠯᠲᠠ ᠶᠢᠨ ᠪᠢᠷ ᠤᠨ | ᠰᠢᠯᠭᠠᠯᠲᠠ ᠳᠤ ᠣᠷᠣᠯᠴᠠᠵᠤ᠂ ᠣᠯᠠᠨ ᠨᠡᠶᠢᠲᠡ ᠶᠢᠨ ᠬᠢᠴᠢᠶᠡᠯ ᠤᠨ ᠪᠢᠷ ᠤᠨ ᠰᠢᠯᠭᠠᠯᠲᠠ ᠶᠢᠨ ᠬᠢᠷᠢ ᠪᠦᠲᠦᠮᠵᠢ ᠨᠢ | ᠬᠢᠷᠢ ᠲᠡᠩᠴᠡᠭᠰᠡᠨ ᠪᠣᠯᠪᠠᠴᠤ ᠤᠤᠯ ᠤᠨ ᠨᠡᠷ᠎ᠡ ᠮᠡᠳᠡᠭᠦᠯᠦᠭᠰᠡᠨ ᠠᠵᠢᠯ ᠤᠨ ᠪᠠᠶᠢᠷᠢ ᠳᠠᠭᠠᠨ ᠡᠯᠰᠡᠭᠳᠡᠭᠰᠡᠨ ᠦᠭᠡᠢ | ᠬᠥᠮᠥᠰ ᠨᠡᠷ᠎ᠡ ᠮᠡᠳᠡᠭᠦᠯᠵᠦ ᠪᠣᠯᠣᠨ᠎ᠠ᠃ | |