ᠠᠯᠪᠠᠨ ᠪᠠᠶᠢᠭᠤᠯᠭ᠎ᠠ ᠠᠵᠢᠯ ᠦᠢᠯᠡᠰ ᠤᠨ ᠨᠢᠭᠡᠴᠢ ᠶᠢᠨ ᠠᠵᠢᠯᠲᠠᠨ ᠠᠵᠢᠯᠴᠢᠳ ᠶᠠᠮᠠᠷ ᠶᠠᠮᠠᠷ ᠲᠠᠯᠠᠪᠤᠷ ᠭᠠᠵᠠᠷ ᠲᠤ ᠣᠴᠢᠵᠤ ᠪᠣᠯᠬᠤ ᠦᠭᠡᠢ ᠪᠣᠶ︖
ᠨᠡᠶᠢᠲᠡᠯᠡᠭᠰᠡᠨ ᠴᠠᠭ᠄
2025/6/20
ᠠᠯᠪᠠᠨ ᠪᠠᠶᠢᠭᠤᠯᠭ᠎ᠠ ᠠᠵᠢᠯ ᠦᠢᠯᠡᠰ ᠤᠨ ᠨᠢᠭᠡᠴᠢ ᠶᠢᠨ ᠠᠵᠢᠯᠲᠠᠨ ᠠᠵᠢᠯᠴᠢᠳ ᠶᠠᠮᠠᠷ ᠶᠠᠮᠠᠷ ᠲᠠᠯᠠᠪᠤᠷ ᠭᠠᠵᠠᠷ ᠲᠤ ᠣᠴᠢᠵᠤ ᠪᠣᠯᠬᠤ ᠦᠭᠡᠢ ᠪᠤᠢ︖       1. ᠠᠵᠤ ᠠᠬᠤᠶᠢᠯᠠᠯ ᠤᠨ ᠵᠣᠴᠢᠯᠠᠵᠤ ᠳᠠᠶᠢᠯᠠᠬᠤ ᠲᠠᠯᠠᠪᠤᠷ ᠭᠠᠵᠠᠷ ᠲᠤ ᠣᠴᠢᠵᠤ ᠥᠭᠡᠷᠡᠲᠦᠭᠦᠯᠦᠭᠰᠡᠨ ᠬᠡᠯᠪᠡᠷᠢ ᠪᠠᠷ ᠢᠳᠡᠵᠦ ᠤᠤᠭᠤᠬᠤ ᠪᠠ ᠨᠠᠷᠭᠢᠨ ᠴᠡᠩᠭᠡᠵᠦ ᠪᠣᠯᠬᠤ ᠦᠭᠡᠢ       ᠬᠤᠶᠠᠷ ᠤᠳᠤᠷᠢᠳᠤᠯᠭ᠎ᠠ ᠠ᠋᠂ ᠦᠳᠡ ᠳᠤ ᠪᠢᠳᠡ ᠲᠠᠪᠤᠨ ᠣᠳᠣᠨ ᠳᠡᠰ ᠤᠨ ᠪᠠᠭᠤᠳᠠᠯ ᠳᠤ ᠬᠤᠭᠤᠯᠠ ᠵᠣᠭᠤᠭᠯᠠᠬᠤ ᠪᠠᠷ ᠣᠴᠢᠶ᠎ᠠ᠃     ᠪᠢᠳᠡᠨ ᠳᠤ ᠲᠣᠭᠲᠠᠭᠠᠭᠰᠠᠨ ᠲᠣᠭᠲᠠᠭᠠᠯ ᠢᠶᠠᠷ ᠵᠣᠴᠢᠳ ᠤᠨ ᠪᠠᠭᠤᠳᠠᠯ ᠤᠨ ᠰᠣᠩᠭᠤᠪᠤᠷᠢᠲᠤ ᠬᠤᠭᠤᠯᠠ᠂ ᠳᠥᠭᠦᠮ ᠬᠤᠭᠤᠯᠠ ᠪᠤᠶᠤ ᠬᠤᠪᠢᠳᠠᠭᠰᠠᠨ ᠬᠤᠭᠤᠯᠠ ᠲᠣᠬᠢᠷᠠᠭᠤᠯᠤᠭᠠᠷᠠᠢ᠃      ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠠᠵᠤ ᠠᠬᠤᠶᠢᠯᠠᠯ ᠤᠨ ᠵᠣᠴᠢᠯᠠᠵᠤ ᠳᠠᠶᠢᠯᠠᠬᠤ ᠲᠠᠯᠠᠪᠤᠷ ᠭᠠᠵᠠᠷ ᠲᠤ ᠣᠴᠢᠵᠤ ᠥᠭᠡᠷᠡᠲᠦᠭᠦᠯᠦᠭᠰᠡᠨ ᠬᠡᠯᠪᠡᠷᠢ ᠪᠠᠷ ᠢᠳᠡᠵᠦ ᠤᠤᠭᠤᠬᠤ ᠪᠠ ᠨᠠᠷᠭᠢᠨ ᠴᠡᠩᠭᠡᠵᠦ ᠪᠣᠯᠬᠤ ᠦᠭᠡᠢ ᠂ ᠠᠯᠪᠠᠨ ᠶᠠᠪᠤᠳᠠᠯ ᠢᠶᠠᠷ ᠬᠤᠭᠤᠯᠠᠯᠠᠬᠤ ᠪᠣᠯ ᠪᠠᠶᠢᠭᠤᠯᠭ᠎ᠠ ᠶᠢᠨ ᠳᠣᠲᠣᠭᠠᠳᠤ ᠳᠠᠬᠢ ᠵᠣᠴᠢᠯᠠᠵᠤ ᠳᠠᠶᠢᠯᠠᠬᠤ ᠲᠠᠯᠠᠪᠤᠷ ᠭᠠᠵᠠᠷ ᠪᠤᠶᠤ ᠵᠠᠰᠠᠭ ᠤᠨ ᠣᠷᠳᠣᠨ ᠤ ᠬᠤᠳᠠᠯᠳᠤᠨ ᠠᠪᠬᠤ ᠠᠷᠭ᠎ᠠ ᠮᠠᠶ᠋ᠢᠭ ᠢᠶᠠᠷ ᠲᠣᠭᠲᠠᠭᠠᠭᠰᠠᠨ ᠲᠣᠭᠲᠠᠮᠠᠯ ᠴᠡᠭ ᠤᠨ ᠵᠣᠴᠢᠳ ᠤᠨ ᠪᠠᠭᠤᠳᠠᠯ ᠳᠤ ᠲᠣᠬᠢᠷᠠᠭᠤᠯᠬᠤ ᠬᠡᠷᠡᠭᠲᠡᠢ᠃      2. ᠶᠡᠭᠡ ᠪᠠᠷ ᠪᠠᠵᠠᠭᠠᠵᠤ ᠶᠡᠭᠡ ᠪᠠᠷ ᠡᠷᠬᠢᠯᠡᠭᠰᠡᠨ ᠬᠤᠷᠢᠮ ᠪᠡᠯᠪᠡᠰᠦᠷᠡᠯ ᠤᠨ ᠲᠠᠯᠠᠪᠤᠷ ᠭᠠᠵᠠᠷ ᠲᠤ ᠣᠴᠢᠵᠤ ᠪᠣᠯᠬᠤ ᠦᠭᠡᠢ           ᠤᠳᠤᠷᠢᠳᠤᠯᠭ᠎ᠠ ᠠ᠋᠂ ᠬᠡᠦᠬᠡᠳ ᠤᠨ ᠢᠶᠠᠨ ᠬᠤᠷᠢᠮ ᠢ ᠮᠠᠨ ᠤ ᠬᠡᠭᠡᠨᠴᠢᠷ ᠪᠠᠭᠤᠳᠠᠯ ᠳᠤ ᠲᠣᠭᠲᠠᠭᠠᠴᠢᠬ᠎ᠠ᠂ ᠲᠡᠷᠡ ᠦᠶ᠎ᠡ ᠳᠤ ᠪᠢ ᠲᠠᠨ ᠳᠤ ᠪᠠᠵᠠᠭᠠᠵᠤ ᠪᠡᠯᠡᠳᠬᠡᠵᠦ ᠥᠭᠭᠦᠶ᠎ᠡ᠃  ᠯᠢ ᠳᠠᠭᠠᠭᠠᠮᠠᠯ ᠤᠨ ᠰᠠᠶᠢᠬᠠᠨ ᠰᠠᠨᠠᠭᠠᠨ ᠳᠤ ᠪᠠᠶᠠᠷᠯᠠᠯ᠎ᠠ᠂ ᠨᠠᠮ ᠤᠨ ᠭᠡᠰᠢᠭᠦᠨ ᠺᠠᠳ᠋ᠷ ᠪᠣᠯᠤᠭᠰᠠᠨ ᠤ ᠬᠤᠪᠢ ᠳᠤ ᠪᠠᠶᠠᠷ ᠬᠤᠷᠢᠮ ᠤᠨ ᠶᠠᠪᠤᠳᠠᠯ ᠢ ᠶᠡᠭᠡ ᠪᠠᠷ ᠪᠠᠵᠠᠭᠠᠵᠤ᠂ ᠪᠦᠷᠢᠯᠭᠡᠨ ᠰᠦᠢᠳᠬᠡᠵᠦ ᠪᠣᠯᠬᠤ ᠦᠭᠡᠢ᠂ ᠪᠢ ᠡᠷᠬᠡᠪᠰᠢ ᠪᠡᠶ᠎ᠡ ᠪᠠᠷ ᠢᠶᠠᠨ ᠬᠡᠪ ᠳᠠᠭᠤᠷᠢᠶᠠᠯ ᠪᠣᠯᠵᠤ᠂ ᠠᠷᠪᠢᠯᠠᠨ ᠭᠠᠮᠨᠠᠬᠤ ᠬᠡᠷᠡᠭᠲᠡᠢ᠃      ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠲᠦᠷᠦᠭᠦᠯᠡᠨ ᠵᠠᠩ ᠳᠠᠳᠬᠠᠯ ᠢ ᠥᠭᠡᠷᠡᠴᠢᠯᠡᠵᠦ᠂ ᠮᠠᠭᠤ ᠰᠤᠷᠲᠠᠯ ᠢ ᠡᠰᠡᠷᠭᠦᠴᠡᠬᠦ ᠬᠡᠷᠡᠭᠲᠡᠢ᠂ ᠵᠠᠩ ᠳᠠᠳᠬᠠᠯ ᠢ ᠰᠠᠬᠢᠬᠤ᠂ ᠨᠠᠶᠢᠷ ᠲᠠᠯ᠎ᠠ ᠳᠤ ᠨᠡᠶᠢᠴᠡᠭᠦᠯᠬᠦ ᠵᠡᠷᠭᠡ ᠰᠢᠯᠲᠠᠭ ᠢᠶᠠᠷ ᠡᠷᠬᠡ ᠲᠤᠰᠢᠶᠠᠯ ᠪᠤᠶᠤ ᠡᠭᠦᠷᠭᠡ ᠲᠤᠰᠢᠶᠠᠯ ᠤᠨ ᠨᠥᠯᠥᠭᠡ ᠪᠠᠨ ᠠᠰᠢᠭᠯᠠᠨ᠂ ᠲᠣᠭᠲᠠᠭᠠᠯ ᠠᠴᠠ ᠵᠥᠷᠢᠴᠡᠨ ᠬᠤᠷᠢᠮ ᠪᠡᠯᠪᠡᠰᠦᠷᠡᠯ ᠤᠨ ᠶᠠᠪᠤᠳᠠᠯ ᠬᠢᠵᠦ ᠪᠣᠯᠬᠤ ᠦᠭᠡᠢ᠃      3. ᠬᠤᠪᠢ ᠬᠥᠮᠥᠨ ᠤ ᠺᠯᠦ᠋ᠪ ᠲᠤ ᠣᠴᠢᠵᠤ ᠪᠣᠯᠬᠤ ᠦᠭᠡᠢ       ᠡᠷᠬᠢᠯᠡᠭᠴᠢ ᠠ᠋᠂ ᠪᠠᠰᠠ ᠠᠵᠢᠯᠯᠠᠬᠤ ᠴᠠᠭ ᠢᠶᠠᠨ ᠨᠡᠮᠡᠵᠦ ᠠᠵᠢᠯᠯᠠᠭᠰᠠᠭᠠᠷ ᠪᠠᠶᠢᠨ᠎ᠠ ᠦᠦ᠂ ᠡᠨᠡ ᠬᠠᠪᠢ ᠳᠤ ᠨᠢᠭᠡᠨ ᠳᠡᠭᠡᠳᠦ ᠳᠡᠰ ᠤᠨ ᠬᠤᠪᠢ ᠬᠥᠮᠥᠨ ᠤ ᠺᠯᠦ᠋ᠪ ᠡᠷᠦᠬᠡ ᠪᠠᠨ ᠰᠡᠬᠦᠵᠡᠢ᠂ ᠴᠢᠯᠡᠭᠡ ᠪᠠᠨ ᠲᠠᠶᠢᠯᠬᠤ ᠪᠠᠷ ᠶᠠᠪᠤᠬᠤ ᠦᠦ︖     ᠣᠴᠢᠵᠤ ᠪᠣᠯᠬᠤ ᠦᠭᠡᠢ᠂ ᠤᠳᠤᠷᠢᠳᠬᠤ ᠺᠠᠳ᠋ᠷ ᠪᠣᠯᠤᠭᠰᠠᠨ ᠤ ᠬᠤᠪᠢ ᠳᠤ ᠰᠠᠬᠢᠯᠭ᠎ᠠ ᠪᠠᠲᠤ ᠶᠢ ᠴᠢᠩᠭ᠎ᠠ ᠰᠠᠬᠢᠵᠤ᠂ ᠬᠤᠷᠢᠭ᠎ᠠ ᠱᠤᠭᠤᠮ ᠠᠴᠠ ᠳᠠᠪᠠᠵᠤ ᠪᠣᠯᠬᠤ ᠦᠭᠡᠢ᠂ ᠳᠡᠭᠡᠳᠦ ᠲᠡᠰ ᠤᠨ ᠺᠯᠦ᠋ᠪ ᠤᠨ ᠭᠠᠵᠠᠷ ᠢᠶᠠᠷ ᠣᠴᠢᠵᠤ ᠪᠣᠯᠬᠤ ᠦᠭᠡᠢ᠃      ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠬᠤᠯᠪᠣᠭᠳᠠᠯ ᠪᠦᠬᠦᠢ ᠲᠣᠭᠲᠠᠭᠠᠯ ᠠᠴᠠ ᠵᠥᠷᠢᠴᠡᠨ ᠬᠤᠪᠢ ᠬᠥᠮᠥᠨ ᠤ ᠺᠯᠦ᠋ᠪ ᠲᠤ ᠣᠴᠢᠵᠤ ᠪᠣᠯᠬᠤ ᠦᠭᠡᠢ᠂ ᠦᠢᠯᠡ ᠪᠠᠶᠢᠳᠠᠯ ᠨᠢ ᠨᠡᠯᠢᠶᠡᠳ ᠬᠦᠨᠳᠦ ᠨᠣᠴᠢᠲᠠᠢ ᠪᠠᠶᠢᠪᠠᠯ ᠳᠣᠩᠭᠤᠳᠬᠤ ᠪᠤᠶᠤ ᠴᠢᠩᠭ᠎ᠠ ᠳᠣᠩᠭᠤᠳᠬᠤ ᠰᠢᠢᠳᠬᠡᠯ ᠥᠭᠭᠦᠨ᠎ᠡ︔ ᠤᠢᠢᠯᠠ ᠪᠠᠶᠢᠳᠠᠯ ᠢᠶᠠᠷ ᠬᠦᠨᠳᠦ ᠨᠣᠴᠢᠲᠠᠢ ᠪᠣᠯᠪᠠᠯ᠂ ᠨᠠᠮ ᠤᠨ ᠳᠣᠲᠣᠭᠠᠳᠤ ᠳᠠᠬᠢ ᠲᠤᠰᠢᠶᠠᠯ ᠢᠶᠠᠨ ᠤᠭᠴᠠᠷᠠᠭᠳᠠᠬᠤ ᠪᠤᠶᠤ ᠨᠠᠮ ᠳᠤ ᠦᠯᠡᠳᠡᠭᠡᠵᠦ ᠬᠢᠨᠠᠨ ᠦᠵᠡᠬᠦ ᠰᠢᠢᠳᠬᠡᠯ ᠣᠯᠬᠤ ᠪᠣᠯᠣᠨ᠎ᠠ᠃      4. ᠥᠨᠳᠥᠷ ᠦᠨ᠎ᠡ ᠲᠠᠢ ᠵᠤᠭ᠎ᠠ ᠴᠡᠩᠭᠡᠯ ᠤᠨ ᠭᠠᠵᠠᠷ ᠲᠤ ᠣᠴᠢᠵᠤ ᠪᠣᠯᠬᠤ ᠦᠭᠡᠢ᠂ ᠬᠠᠮᠢᠶᠠᠷᠤᠭᠳᠠᠨ ᠦᠢᠯᠡᠴᠢᠯᠡᠭᠦᠯᠬᠦ ᠲᠠᠯ᠎ᠠ ᠶᠢᠨ ᠲᠣᠬᠢᠷᠠᠭᠤᠯᠤᠭᠰᠠᠨ ᠳᠠᠶᠢᠯᠠᠯᠭ᠎ᠠ ᠪᠠ ᠵᠤᠭ᠎ᠠ ᠴᠡᠩᠭᠡᠯ ᠤᠨ ᠠᠵᠢᠯᠯᠠᠭ᠎ᠠ ᠳᠤ ᠣᠴᠢᠵᠤ ᠪᠣᠯᠬᠤ ᠦᠭᠡᠢ       ᠤᠳᠤᠷᠢᠳᠤᠯᠭ᠎ᠠ ᠠ᠋᠂ ᠮᠠᠨ ᠤ ᠺᠣᠮᠫᠠᠨᠢ ᠳᠡᠭᠡᠳᠦ ᠳᠡᠰ ᠤᠨ ᠺᠯᠦ᠋ᠪ ᠲᠠᠢ ᠪᠣᠯᠵᠠᠢ᠂ ᠲᠠ ᠣᠴᠢᠵᠤ ᠦᠵᠡᠭᠡᠷᠡᠢ᠂ ᠵᠠᠷᠤᠳᠠᠯ ᠢ ᠨᠢ ᠪᠢᠳᠡ ᠪᠦᠬᠦᠨ ᠢ ᠳᠠᠭᠠᠭᠠᠶ᠎ᠠ᠃     ᠪᠢᠳᠡᠨ ᠳᠤ ᠲᠣᠭᠲᠠᠭᠠᠭᠰᠠᠨ ᠲᠣᠭᠲᠠᠭᠠᠯ ᠢᠶᠠᠷ ᠪᠣᠯ᠂ ᠨᠠᠮ ᠤᠨ ᠭᠡᠰᠢᠭᠦᠨ ᠺᠠᠳ᠋ᠷᠴᠤᠳ ᠥᠨᠳᠥᠷ ᠦᠨ᠎ᠡ ᠲᠠᠢ ᠵᠤᠭ᠎ᠠ ᠴᠡᠩᠭᠡᠯ ᠤᠨ ᠭᠠᠵᠠᠷ ᠲᠤ ᠣᠴᠢᠵᠤ ᠪᠣᠯᠬᠤ ᠦᠭᠡᠢ᠂ ᠬᠠᠮᠢᠶᠠᠷᠤᠭᠳᠠᠨ ᠦᠢᠯᠡᠴᠢᠯᠡᠭᠦᠯᠬᠦ ᠲᠠᠯ᠎ᠠ ᠶᠢᠨ ᠲᠣᠬᠢᠷᠠᠭᠤᠯᠤᠭᠰᠠᠨ ᠳᠠᠶᠢᠯᠠᠯᠭ᠎ᠠ ᠳᠤ ᠣᠴᠢᠵᠤ ᠪᠣᠯᠬᠤ ᠦᠭᠡᠢ᠃   ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠤᠨ ᠲᠣᠭᠲᠠᠭᠠᠯ ᠠᠴᠠ ᠵᠥᠷᠢᠴᠡᠨ ᠥᠨᠳᠥᠷ ᠦᠨ᠎ᠡ ᠲᠠᠢ ᠵᠤᠭ᠎ᠠ ᠴᠡᠩᠭᠡᠯ᠂ ᠪᠡᠶ᠎ᠡ ᠴᠢᠭᠢᠷᠠᠭᠵᠢᠭᠤᠯᠬᠤ ᠠᠵᠢᠯᠯᠠᠭ᠎ᠠ ᠳᠤ ᠣᠷᠣᠯᠴᠠᠬᠤ ᠪᠠ ᠲᠥᠪ ᠭᠤᠥᠯᠴᠢ ᠪᠠᠷ ᠠᠯᠪᠠᠨ ᠶᠠᠪᠤᠳᠠᠯ ᠭᠦᠢᠴᠡᠳᠬᠡᠬᠦ ᠶᠢ ᠨᠥᠯᠥᠭᠡᠯᠡᠬᠦ ᠳᠠᠶᠢᠯᠠᠯᠭ᠎ᠠ᠂ ᠵᠤᠭ᠎ᠠ ᠴᠡᠩᠭᠡᠯ ᠤᠨ ᠠᠵᠢᠯᠯᠠᠭ᠎ᠠ ᠶᠢᠨ ᠲᠣᠬᠢᠷᠠᠭᠤᠯᠤᠯᠲᠠ ᠳᠤ ᠲᠣᠭᠲᠠᠭᠠᠯ ᠠᠴᠠ ᠵᠥᠷᠢᠴᠡᠨ ᠣᠷᠣᠯᠴᠠᠬᠤ ᠶᠢ ᠴᠢᠩᠭ᠎ᠠ ᠴᠠᠭᠠᠵᠠᠯᠠᠨ᠎ᠠ᠂ ᠦᠶᠯᠡ ᠪᠠᠶᠢᠳᠠᠯ ᠨᠢ ᠨᠡᠯᠢᠶᠡᠳ ᠬᠦᠨᠳᠦ ᠨᠣᠴᠢᠲᠠᠢ ᠪᠠᠶᠢᠪᠠᠯ ᠨᠠᠮ ᠤᠨ ᠳᠣᠲᠣᠭᠠᠳᠤ ᠳᠠᠬᠢ ᠲᠤᠰᠢᠶᠠᠯ ᠠᠴᠠ ᠨᠢ ᠤᠭᠴᠠᠷᠠᠭᠤᠯᠬᠤ ᠵᠡᠷᠭᠡ ᠰᠢᠢᠳᠬᠡᠯ ᠥᠭᠴᠦ ᠪᠣᠯᠣᠨ᠎ᠠ᠃      5. ᠮᠤᠬᠤᠷ ᠪᠢᠰᠢᠷᠡᠯ ᠤᠨ ᠠᠵᠢᠯᠯᠠᠭ᠎ᠠ ᠬᠢᠬᠦ ᠲᠠᠯᠠᠪᠤᠷ ᠭᠠᠵᠠᠷ ᠲᠤ ᠣᠴᠢᠵᠤ ᠪᠣᠯᠬᠤ ᠦᠭᠡᠢ᠂ ᠮᠤᠬᠤᠷ ᠪᠢᠰᠢᠷᠡᠯ ᠤᠨ ᠠᠵᠢᠯᠯᠠᠭ᠎ᠠ ᠳᠤ ᠣᠷᠣᠯᠴᠠᠬᠤ ᠪᠤᠶᠤ ᠲᠡᠭᠦᠨ ᠢ ᠳᠡᠮᠵᠢᠵᠦ ᠪᠣᠯᠬᠤ ᠦᠭᠡᠢ       ᠤᠳᠤᠷᠢᠳᠤᠯᠭ᠎ᠠ ᠠ᠋᠂ ᠮᠠᠨ ᠤ ᠠᠳᠡᠬᠢ ᠨᠢᠭᠡ ᠰᠦᠮ᠎ᠡ ᠳᠤ ᠠᠵᠢᠯ ᠦᠢᠯᠡᠰ ᠤᠨ ᠤᠷᠤᠭᠰᠢᠲᠠᠢ ᠪᠠᠶᠢᠬᠤ ᠪᠠ ᠵᠡᠷᠭᠡ ᠲᠤᠰᠢᠶᠠᠯ ᠳᠡᠪᠰᠢᠬᠦ ᠶᠢ ᠬᠦᠰᠡᠪᠡᠯ ᠮᠠᠰᠢ ᠲᠤᠰᠠᠲᠠᠢ᠂ ᠣᠴᠢᠵᠤ ᠲᠤᠷᠰᠢᠵᠤ ᠦᠵᠡᠨ᠎ᠡ ᠦᠦ︖     ᠪᠠᠶᠠᠷᠯᠠᠯ᠎ᠠ᠂ ᠨᠠᠮ ᠤᠨ ᠭᠡᠰᠢᠭᠦᠨ ᠺᠠᠳ᠋ᠷ ᠪᠣᠯᠤᠭᠰᠠᠨ ᠤ ᠬᠤᠪᠢ ᠳᠤ ᠹᠧᠣᠳᠠᠯ ᠤᠨ ᠮᠤᠬᠤᠷ ᠪᠢᠰᠢᠷᠡᠯ ᠢ ᠡᠰᠡᠷᠭᠦᠴᠡᠵᠦ᠂ ᠪᠣᠯᠪᠠᠰᠤᠨ ᠰᠢᠨ᠎ᠡ ᠰᠤᠷᠲᠠᠯ ᠢ ᠪᠤᠢ ᠪᠣᠯᠭᠠᠬᠤ ᠬᠡᠷᠡᠭᠲᠡᠢ᠃      ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠮᠤᠬᠤᠷ ᠪᠢᠰᠢᠷᠡᠯ ᠤᠨ ᠠᠵᠢᠯᠯᠠᠭ᠎ᠠ ᠬᠢᠬᠦ ᠲᠠᠯᠠᠪᠤᠷ ᠭᠠᠵᠠᠷ ᠲᠤ ᠬᠦᠷᠴᠦ ᠮᠤᠬᠤᠷ ᠪᠢᠰᠢᠷᠡᠯ ᠤᠨ ᠠᠵᠢᠯᠯᠠᠭ᠎ᠠ ᠳᠤ ᠣᠷᠣᠯᠴᠠᠬᠤ ᠪᠤᠶᠤ ᠲᠡᠭᠦᠨ ᠢ ᠳᠡᠮᠵᠢᠵᠦ ᠪᠣᠯᠬᠤ ᠦᠭᠡᠢ ᠂ ᠨᠠᠮ ᠤᠨ ᠰᠠᠬᠢᠯᠭ᠎ᠠ ᠤᠯᠤᠰ ᠤᠨ ᠬᠠᠤᠯᠢ ᠶᠢ ᠴᠢᠩᠭ᠎ᠠ ᠵᠢᠷᠤᠮᠯᠠᠨ᠂ ᠵᠥᠪ ᠶᠢᠷᠲᠢᠨᠴᠦ ᠶᠢᠨ ᠦᠵᠡᠯᠲᠡ᠂ ᠠᠮᠢᠳᠤᠷᠠᠬᠤᠢ ᠶᠢᠨ ᠦᠵᠡᠯᠲᠡ᠂ ᠥᠷᠲᠡᠭ ᠤᠨ ᠦᠵᠡᠯᠲᠡ ᠶᠢ ᠪᠤᠶ ᠪᠣᠯᠭᠠᠵᠤ᠂ ᠹᠧᠣᠳᠠᠯ ᠤᠨ ᠮᠤᠬᠤᠷ ᠪᠢᠰᠢᠷᠡᠯ ᠤᠨ ᠦᠵᠡᠯ ᠰᠠᠨᠠᠭᠠᠨ ᠤ ᠨᠡᠪᠴᠢᠯᠲᠡ ᠶᠢ ᠥᠪᠡᠷ ᠤᠨ ᠤᠬᠠᠮᠰᠠᠷ ᠠᠴᠠ ᠪᠠᠨ ᠡᠰᠡᠷᠭᠦᠴᠡᠬᠦ ᠬᠡᠷᠡᠭᠲᠡᠢ᠂ ᠲᠣᠭᠲᠠᠭᠠᠯ ᠠᠴᠠ ᠵᠥᠷᠢᠴᠡᠨ ᠮᠤᠬᠤᠷ ᠪᠢᠰᠢᠷᠡᠯ ᠤᠨ ᠠᠵᠢᠯᠯᠠᠭ᠎ᠠ ᠳᠤ ᠣᠷᠣᠯᠴᠠᠪᠠᠯ ᠳᠣᠩᠭᠤᠳᠬᠤ᠂ ᠴᠢᠩᠭ᠎ᠠ ᠳᠣᠩᠭᠤᠳᠬᠤ᠂ ᠴᠢᠨᠠᠭᠰᠢᠯᠠᠪᠠᠯ ᠨᠠᠮ ᠠᠴᠠ ᠬᠥᠭᠡᠭᠡᠭᠳᠡᠬᠦ ᠵᠡᠷᠭᠡ ᠰᠢᠢᠳᠬᠡᠯ ᠣᠯᠵᠤ ᠮᠡᠳᠡᠨ᠎ᠡ᠃   6. ᠬᠠᠮᠲᠤ ᠰᠤᠷᠤᠯᠭᠠᠲᠠᠨ ᠤ ᠴᠤᠭᠯᠠᠭᠠᠨ ᠪᠠ ᠨᠤᠲᠤᠭ ᠨᠢᠭᠡᠲᠡᠳ ᠤᠨ ᠴᠤᠭᠯᠠᠭᠠᠨ ᠵᠡᠷᠭᠡ ᠲᠠᠯᠠᠪᠤᠷ ᠭᠠᠵᠠᠷ ᠲᠤ ᠲᠣᠭᠲᠠᠭᠠᠯ ᠠᠴᠠ ᠵᠥᠷᠢᠴᠡᠨ ᠣᠷᠣᠯᠴᠠᠵᠤ ᠪᠣᠯᠬᠤ ᠦᠭᠡᠢ       ᠪᠢ ᠮᠠᠨ ᠤ ᠬᠡᠳᠦᠨ ᠨᠤᠲᠤᠭ ᠨᠢᠭᠡᠲᠡᠳ ᠢᠶᠠᠨ ᠵᠣᠬᠢᠶᠠᠨ ᠪᠠᠶᠢᠭᠤᠯᠵᠤ ᠨᠠᠶᠢᠷᠯᠠᠬᠤ ᠪᠠᠷ ᠪᠡᠯᠡᠳᠬᠡᠵᠦ ᠪᠠᠶᠢᠨ᠎ᠠ᠃     ᠵᠠᠩ ᠭᠤᠸᠠᠢ᠂ ᠲᠡᠭᠡᠵᠦ ᠪᠣᠯᠬᠤ ᠦᠭᠡᠢ᠂ ᠨᠠᠮ ᠤᠨ ᠭᠡᠰᠢᠭᠦᠨ ᠺᠠᠳ᠋ᠷ ᠪᠣᠯᠤᠭᠰᠠᠨ ᠤ ᠬᠤᠪᠢ ᠳᠤ ᠢᠯᠡᠳᠲᠡ ᠵᠢᠵᠢᠭ ᠪᠦᠯᠬᠦᠮ ᠤᠨ ᠴᠢᠨᠠᠷᠲᠠᠢ ᠠᠵᠢᠯᠯᠠᠭ᠎ᠠ ᠳᠤ ᠣᠷᠣᠯᠴᠠᠬᠤ ᠠᠴᠠ ᠥᠪᠡᠷ ᠤᠨ ᠤᠬᠠᠮᠰᠠᠷ ᠠᠴᠠ ᠪᠠᠨ ᠵᠠᠶᠢᠯᠠᠰᠬᠢᠬᠦ ᠬᠡᠷᠡᠭᠲᠡᠢ᠃      ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠬᠠᠮᠲᠤ ᠰᠤᠷᠤᠯᠭᠠᠲᠠᠨ ᠤ ᠴᠤᠭᠯᠠᠭᠠᠨ ᠨᠤᠲᠤᠭ ᠨᠢᠭᠡᠲᠡᠳ ᠤᠨ ᠴᠤᠭᠯᠠᠭᠠᠨ ᠵᠡᠷᠭᠡ ᠨᠡᠷ᠎ᠡ ᠪᠠᠷ ᠡᠷᠭᠢᠯᠡᠭᠰᠡᠨ ᠵᠢᠵᠢᠭ ᠪᠦᠯᠬᠦᠮ ᠤᠨ ᠴᠢᠨᠠᠷᠲᠠᠢ ᠠᠵᠢᠯᠯᠠᠭ᠎ᠠ ᠠᠴᠠ ᠥᠪᠡᠷ ᠤᠨ ᠤᠬᠠᠮᠰᠠᠷ ᠠᠴᠠ ᠪᠠᠨ ᠵᠠᠶᠢᠯᠠᠬᠤ ᠬᠡᠷᠡᠭᠲᠡᠢ᠂ ᠠᠶᠠᠨᠳᠠᠭᠠᠨ ᠪᠠᠶᠢᠭᠤᠯᠤᠭᠳᠠᠭᠰᠠᠨ ᠨᠤᠲᠤᠭ ᠨᠢᠭᠡᠲᠡᠳ ᠤᠨ ᠴᠤᠭᠯᠠᠭᠠᠨ᠂ ᠰᠤᠷᠭᠠᠭᠤᠯᠢ ᠶᠢᠨ ᠬᠠᠨᠢᠲᠠᠳ ᠤᠨ ᠴᠤᠭᠯᠠᠭᠠᠨ᠂ ᠳᠠᠶᠢᠴᠢᠨ ᠨᠥᠬᠦᠳ ᠤᠨ ᠴᠤᠭᠯᠠᠭᠠᠨ ᠵᠡᠷᠭᠡ ᠶᠢ ᠬᠤᠯᠪᠣᠭᠳᠠᠯ ᠪᠦᠬᠦᠢ ᠲᠣᠭᠲᠠᠭᠠᠯ ᠠᠴᠠ ᠵᠥᠷᠢᠴᠡᠨ ᠵᠣᠬᠢᠶᠠᠨ ᠪᠠᠶᠢᠭᠤᠯᠵᠤ ᠣᠷᠣᠯᠴᠠᠭᠰᠠᠨ ᠳᠤ᠂ ᠦᠶᠯᠡ ᠪᠠᠶᠢᠳᠠᠯ  ᠨᠢ ᠬᠦᠨᠳᠦ ᠨᠣᠴᠢᠲᠠᠢ ᠪᠠᠶᠢᠪᠠᠯ ᠳᠣᠩᠭᠤᠳᠬᠤ᠂ ᠴᠢᠩᠭ᠎ᠠ ᠳᠣᠩᠭᠤᠳᠬᠤ ᠪᠤᠶᠤ ᠨᠠᠮ ᠤᠨ ᠳᠣᠲᠣᠭᠠᠳᠤ ᠳᠠᠬᠢ ᠲᠤᠰᠢᠶᠠᠯ ᠠᠴᠠ ᠨᠢ ᠤᠭᠴᠠᠷᠠᠭᠤᠯᠬᠤ ᠰᠢᠢᠳᠬᠡᠯ ᠥᠭᠭᠦᠨ᠎ᠡ᠃     7. ᠵᠣᠭᠤᠰ ᠮᠥᠷᠥᠶᠢᠴᠡᠬᠦ ᠲᠠᠯᠠᠪᠤᠷ ᠭᠠᠵᠠᠷ ᠲᠤ ᠣᠴᠢᠵᠤ ᠪᠣᠯᠬᠤ ᠦᠭᠡᠢ     ᠠᠬ᠎ᠠ᠂ ᠥᠴᠥᠭᠡᠳᠦᠷ ᠣᠷᠣᠢ ᠪᠢ ᠬᠥᠵᠥᠷ ᠲᠣᠭᠯᠠᠭᠠᠳ ᠨᠡᠯᠢᠶᠡᠳ ᠵᠣᠭᠤᠰ ᠬᠤᠨᠵᠢᠵᠠᠢ᠂ ᠥᠨᠥ ᠣᠷᠣᠢ ᠲᠠᠨ ᠢ ᠳᠠᠭᠠᠭᠤᠯᠵᠤ ᠶᠡᠭᠡ ᠮᠥᠩᠭᠦ ᠬᠤᠨᠵᠢᠬᠤ ᠪᠠᠷ ᠶᠠᠪᠤᠶ᠎ᠠ᠃     ᠲᠡᠭᠡᠵᠦ ᠪᠣᠯᠬᠤ ᠦᠭᠡᠢ᠂ ᠵᠣᠭᠤᠰ ᠮᠥᠷᠥᠶᠢᠴᠡᠬᠦ ᠪᠣᠯ ᠬᠠᠤᠯᠢ ᠶᠢ ᠵᠥᠷᠢᠴᠡᠭᠰᠡᠨ ᠠᠵᠢᠯᠯᠠᠭ᠎ᠠ ᠪᠣᠯᠣᠨ᠎ᠠ᠂ ᠨᠠᠮ ᠤᠨ ᠭᠡᠰᠢᠭᠦᠨ ᠺᠠᠳ᠋ᠷ ᠪᠣᠯᠤᠭᠰᠠᠨ ᠤ ᠬᠤᠪᠢ ᠳᠤ ᠡᠷᠡᠰ ᠡᠰᠡᠷᠭᠦᠴᠡᠬᠦ ᠬᠡᠷᠡᠭᠲᠡᠢ᠃      ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠶᠠᠮᠠᠷᠪᠠ ᠬᠡᠯᠪᠡᠷᠢ ᠶᠢᠨ ᠵᠣᠭᠤᠰ ᠮᠥᠷᠥᠶᠢᠴᠡᠬᠦ ᠠᠵᠢᠯᠯᠠᠭ᠎ᠠ ᠶᠢ ᠴᠥᠮ ᠡᠷᠡᠰ ᠡᠰᠡᠷᠭᠦᠴᠡᠵᠦ᠂ ᠨᠠᠮ ᠤᠨ ᠰᠠᠬᠢᠯᠭ᠎ᠠ ᠤᠯᠤᠰ ᠤᠨ ᠬᠠᠤᠯᠢ ᠶᠢ ᠴᠢᠩᠭ᠎ᠠ ᠵᠢᠷᠤᠮᠯᠠᠨ᠂ ᠠᠷᠢᠭᠤᠨ ᠴᠢᠬᠡᠴᠢ ᠪᠠᠷ ᠪᠡᠶ᠎ᠡ ᠪᠠᠨ ᠪᠠᠷᠢᠵᠤ᠂ ᠠᠯᠪᠠᠨ ᠲᠤᠰᠢᠶᠠᠯᠲᠠᠨ ᠤ ᠳᠦᠷᠢ ᠲᠥᠷᠬᠦ ᠪᠠᠨ ᠰᠠᠶᠢᠲᠤᠷ ᠬᠠᠮᠠᠭᠠᠯᠠᠬᠤ ᠬᠡᠷᠡᠭᠲᠡᠢ᠃ ᠵᠣᠭᠤᠰ ᠮᠥᠷᠥᠶᠢᠴᠡᠬᠦ ᠨᠢ ᠬᠠᠤᠯᠢ ᠶᠢ ᠵᠥᠷᠢᠴᠡᠵᠦ ᠪᠠᠶᠢᠭ᠎ᠠ ᠶᠠᠪᠤᠳᠠᠯ᠂ ᠮᠥᠷᠥᠶᠢᠴᠡᠬᠦ ᠵᠣᠭᠤᠰ ᠤᠨ ᠲᠤᠭ᠎ᠠ ᠨᠢ ᠨᠡᠯᠢᠶᠡᠳ ᠬᠡᠮᠵᠢᠶᠡᠨ ᠳᠤ ᠬᠦᠷᠪᠡᠯ ᠡᠷᠡᠭᠦᠦ ᠶᠢᠨ ᠬᠠᠤᠯᠢ ᠳᠤ ᠬᠠᠯᠳᠠᠭᠰᠠᠨ ᠬᠡᠷᠡᠭ ᠪᠣᠯᠣᠨ᠎ᠠ᠃      8. ᠪᠤᠰᠤᠳ ᠬᠠᠤᠯᠢ ᠶᠢ ᠵᠥᠷᠢᠴᠡᠭᠰᠡᠨ ᠠᠵᠢᠯᠯᠠᠭ᠎ᠠ ᠶᠢᠨ ᠲᠠᠯᠠᠪᠤᠷ ᠭᠠᠵᠠᠷ ᠲᠤ ᠣᠴᠢᠵᠤ ᠪᠣᠯᠬᠤ ᠦᠭᠡᠢ       ᠤᠳᠤᠷᠢᠳᠤᠯᠭ᠎ᠠ ᠠ᠋᠂ ᠮᠠᠨ ᠤ ᠺᠣᠮᠫᠠᠨᠢ ᠰᠢᠨ᠎ᠡ ᠦᠢᠯᠡᠳᠬᠦᠨ ᠢᠶᠠᠨ ᠨᠡᠶᠢᠲᠡᠯᠡᠬᠦ ᠪᠠᠷ ᠲᠥᠯᠥᠪᠯᠡᠵᠦ ᠪᠠᠶᠢᠨ᠎ᠠ᠂ ᠲᠠ ᠮᠠᠨ ᠤ ᠨᠡᠶᠢᠲᠡᠯᠡᠬᠦ ᠬᠤᠷᠠᠯ ᠤᠨ ᠲᠠᠪᠴᠠᠩ ᠳᠤ ᠣᠷᠣᠯᠴᠠᠵᠤ ᠦᠢᠯᠡᠳᠬᠦᠨ ᠢ ᠲᠠᠨᠢᠯᠴᠠᠭᠤᠯᠤᠭᠠᠳ ᠥᠭᠭᠦᠭᠡᠴᠢ᠂ ᠲᠡᠭᠡᠭᠡᠳ ᠲᠠᠨ ᠳᠤ ᠣᠷᠣᠯᠴᠠᠭᠰᠠᠨ ᠬᠠᠷᠠᠮᠵᠢ ᠥᠭᠭᠦᠶ᠎ᠡ᠃     ᠪᠢᠳᠡᠨ ᠳᠤ ᠲᠣᠭᠲᠠᠭᠠᠭᠰᠠᠨ ᠲᠣᠭᠲᠠᠭᠠᠯ ᠢᠶᠠᠷ ᠪᠣᠯ᠂ ᠨᠠᠮ ᠤᠨ ᠭᠡᠰᠢᠭᠦᠨ ᠺᠠᠳ᠋ᠷᠴᠤᠳ ᠬᠠᠤᠯᠢ ᠪᠤᠰᠤ ᠨᠡᠶᠢᠭᠡᠮ ᠤᠨ ᠵᠣᠬᠢᠶᠠᠨ ᠪᠠᠶᠢᠭᠤᠯᠤᠯᠲᠠ ᠶᠢᠨ ᠠᠵᠢᠯᠯᠠᠭ᠎ᠠ ᠳᠤ ᠣᠷᠣᠯᠴᠠᠵᠤ ᠪᠣᠯᠬᠤ ᠦᠭᠡᠢ᠂ ᠬᠠᠤᠯᠢ ᠪᠤᠰᠤ ᠨᠡᠶᠢᠭᠡᠮ ᠤᠨ ᠵᠣᠬᠢᠶᠠᠨ ᠪᠠᠶᠢᠭᠤᠯᠤᠯᠲᠠ ᠶᠢ ︽ᠳᠡᠮᠵᠢᠬᠦ︾ ᠪᠤᠶᠤ ᠲᠡᠳᠡᠨ ᠢ ︽ᠣᠷᠣᠯᠠᠨ ᠥᠭᠦᠯᠡᠵᠦ︾ ᠪᠣᠯᠬᠤ   ᠦᠭᠡᠢ᠃      ᠰᠠᠨᠠᠭᠤᠯᠤᠮᠵᠢ᠄ ᠨᠠᠮ ᠤᠨ ᠭᠡᠰᠢᠭᠦᠨ ᠺᠠᠳ᠋ᠷᠴᠤᠳ ᠬᠠᠤᠯᠢ ᠪᠤᠰᠤ ᠨᠡᠶᠢᠭᠡᠮ ᠤᠨ ᠵᠣᠬᠢᠶᠠᠨ ᠪᠠᠶᠢᠭᠤᠯᠤᠯᠲᠠ ᠶᠢᠨ ᠥᠷᠨᠢᠭᠦᠯᠦᠭᠰᠡᠨ ᠡᠯᠳᠡᠪ ᠵᠦᠢᠯ ᠤᠨ ᠠᠵᠢᠯᠯᠠᠭ᠎ᠠ ᠳᠤ ᠣᠷᠣᠯᠴᠠᠵᠤ ᠪᠣᠯᠬᠤ ᠦᠭᠡᠢ᠂ ᠲᠠᠷᠢᠬᠢ ᠲᠣᠯᠣᠭᠠᠢ ᠪᠠᠨ ᠡᠷᠬᠡᠪᠰᠢ ᠴᠠᠭ ᠢᠮᠠᠭᠲᠠ ᠰᠡᠷᠭᠡᠭ ᠪᠠᠶᠢᠯᠭᠠᠵᠤ᠂ ᠥᠳᠥᠭᠡᠨ ᠲᠠᠲᠠᠬᠤ ᠶᠢ ᠲᠡᠪᠴᠢᠵᠦ᠂ ᠨᠠᠮ ᠤᠨ ᠰᠠᠬᠢᠯᠭ᠎ᠠ ᠤᠯᠤᠰ ᠤᠨ ᠬᠠᠤᠯᠢ ᠶᠢ ᠴᠢᠩᠭ᠎ᠠ ᠰᠠᠬᠢᠬᠤ ᠬᠡᠷᠡᠭᠲᠡᠢ᠃ 
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11002890号-1