ᠲᠦᠷᠦᠭᠦᠬᠡᠨ᠂ ᠵᠠᠮ ᠬᠠᠷᠢᠯᠴᠠᠭ᠎ᠠ ᠲᠡᠭᠡᠭᠡᠪᠦᠷᠢ ᠶᠢᠨ ᠶᠠᠮᠤᠨ 2024 ᠣᠨ ᠤ ︽ᠠᠷᠪᠠᠨ ᠬᠠᠮᠤᠭ ᠤᠨ ᠭᠤᠶᠣ | ᠬᠥᠳᠡᠭᠡ ᠲᠣᠰᠬᠤᠨ ᠤ ᠵᠠᠰᠠᠮᠠᠯ ᠵᠠᠮ︾ ᠵᠡᠷᠭᠡ ᠨᠡᠷᠡᠰ ᠢ ᠨᠡᠶᠢᠲᠡᠯᠡᠵᠦ᠂ ᠬᠥᠬᠡᠬᠤᠲᠠ ᠶᠢᠨ ᠴᠢᠩ ᠱᠦᠢ ᠾᠧ | ᠰᠢᠶᠠᠨ ᠤ ᠹᠧᠩ ᠵᠢᠶᠠ ᠲᠠ ᠠᠴᠠ ᠯᠣᠤ ᠨᠢᠦ ᠸᠠᠨ ᠬᠦᠷᠬᠦ ᠵᠠᠰᠠᠮᠠᠯ ᠵᠠᠮ 2024 ᠣᠨ ᠤ ︽ᠮᠠᠨ ᠤ ᠭᠡᠷ ᠤᠨ | ᠡᠭᠦᠳᠡᠨ ᠳᠠᠬᠢ ᠲᠡᠷᠡ ᠵᠠᠮ - ᠬᠥᠮᠥᠰ ᠤᠨ ᠬᠦᠷᠢᠶᠡᠯᠡᠯ ᠢ ᠣᠯᠣᠭᠰᠠᠨ ᠵᠠᠰᠠᠮᠠᠯ ᠵᠠᠮ︾ ᠢᠶᠠᠷ ᠦᠨᠡᠯᠡᠭᠳᠡᠪᠡ᠃ | | | | | | ᠹᠧᠩ ᠵᠢᠶᠠ ᠲᠠ ᠠᠴᠠ ᠯᠣᠣ ᠨᠢᠦ ᠸᠠᠨ ᠬᠦᠷᠬᠦ ᠵᠠᠰᠠᠮᠠᠯ ᠵᠠᠮ | | ◆4 ᠵᠢᠯ ᠳᠠᠷᠠᠭᠠᠯᠠᠨ ︽ᠠᠮᠵᠢᠯᠲᠠ ᠣᠯᠣᠭᠰᠠᠨ︾︕ | ᠥᠪᠥᠷ ᠮᠣᠩᠭᠤᠯ ᠤᠨ ᠪᠦᠬᠦ ᠤᠯᠤᠰ ᠤᠨ ᠦᠵᠡᠰᠬᠦᠯᠡᠩᠲᠦ ᠰᠠᠶᠢᠬᠠᠨ ᠬᠥᠳᠡᠭᠡ ᠲᠣᠰᠬᠤᠨ ᠤ ᠵᠠᠰᠠᠮᠠᠯ | ᠵᠠᠮ ᠤᠨ ᠪᠦᠷᠢᠳᠬᠡᠯ | | | | | | 2021 ᠣᠨ ᠠᠴᠠ ᠨᠠᠭᠠᠰᠢ᠂ ᠮᠠᠨ ᠤ ᠣᠷᠣᠨ ᠨᠢᠭᠡᠨᠲᠡ 4 ᠵᠢᠯ ᠳᠠᠷᠠᠭᠠᠯᠠᠨ ᠪᠥᠬᠦ ᠤᠯᠤᠰ ᠤᠨ | ᠦᠵᠡᠰᠬᠦᠯᠡᠩᠲᠦ ᠰᠠᠶᠢᠬᠠᠨ ᠬᠥᠳᠡᠭᠡ ᠲᠣᠰᠬᠤᠨ ᠤ ᠵᠠᠰᠠᠮᠠᠯ ᠵᠠᠮ ᠢ ᠠᠮᠵᠢᠯᠲᠠ ᠲᠠᠢ ᠡᠭᠦᠳᠦᠨ ᠪᠠᠶᠢᠭᠤᠯᠪᠠ᠃ ᠲᠤᠰ | ᠲᠤᠰ᠄ | 2021 ᠣᠨ ᠤ ᠪᠥᠬᠦ ᠤᠯᠤᠰ ᠤᠨ ︽ᠠᠷᠪᠠᠨ ᠬᠠᠮᠤᠭ ᠤᠨ ᠭᠤᠶᠤ ᠬᠥᠳᠡᠭᠡ ᠲᠣᠰᠬᠤᠨ ᠤ ᠵᠠᠰᠠᠮᠠᠯ ᠵᠠᠮ︾ | ᠪᠠᠶᠠᠨᠨᠠᠭᠤᠷ ᠬᠤᠲᠠ ᠶᠢᠨ ᠳ᠋ᠧᠩᠺᠸᠦ ᠰᠢᠶᠠᠨ ᠤ ᠪᠡᠯᠭᠦᠳᠡᠢ ᠰᠦᠮ᠎ᠡ ᠠᠴᠠ ᠳ᠋ᠧᠩᠺᠸᠦ ᠬᠦᠷᠬᠦ ᠵᠠᠰᠠᠮᠠᠯ ᠵᠠᠮ | 2022 ᠣᠨ ᠤ ︽ᠮᠠᠨ ᠤ ᠭᠡᠷ ᠤᠨ ᠡᠭᠦᠳᠡᠨ ᠳᠠᠬᠢ ᠲᠡᠷᠡ ᠵᠠᠮ— ᠬᠥᠮᠥᠰ ᠤᠨ ᠬᠦᠷᠢᠶᠡᠯᠡᠯ ᠢ ᠣᠯᠣᠭᠰᠠᠨ | ᠵᠠᠰᠠᠮᠠᠯ ᠵᠠᠮ︾ | ᠣᠷᠳᠣᠰ ᠬᠤᠲᠠ ᠶᠢᠨ ᠣᠲᠤᠭ ᠤᠨ ᠡᠮᠦᠨᠡᠲᠦ ᠬᠤᠰᠢᠭᠤᠨ ᠤ ᠨᠠᠩᠰᠤ ᠪᠠᠯᠭᠠᠰᠤ ᠠᠴᠠ ᠪᠣᠷᠤᠪᠠᠯᠭᠠᠰᠤ ᠬᠦᠷᠬᠦ | ᠬᠤᠪᠢᠰᠬᠠᠯ ᠤᠨ ᠵᠢᠭᠤᠯᠴᠢᠯᠠᠯ ᠤᠨ ᠵᠠᠰᠠᠮᠠᠯ ᠵᠠᠮ | 2023 ᠣᠨ ᠤ ᠪᠥᠬᠦ ᠤᠯᠤᠰ ᠤᠨ ︽ᠠᠷᠪᠠᠨ ᠬᠠᠮᠤᠭ ᠤᠨ ᠭᠤᠶᠤ ᠬᠥᠳᠡᠭᠡ ᠲᠣᠰᠬᠤᠨ ᠤ ᠵᠠᠰᠠᠮᠠᠯ ᠵᠠᠮ︾ | | ᠤᠯᠠᠭᠠᠨᠬᠠᠳᠠ ᠬᠤᠲᠠ ᠶᠢᠨ ᠣᠩᠨᠢᠭᠤᠳ ᠬᠤᠰᠢᠭᠤᠨ ᠤ ᠪᠣᠷᠣᠬᠤᠲᠠ ᠠᠴᠠ ᠪᠠᠶᠠᠨᠲᠤᠬᠤᠢ ᠬᠦᠷᠬᠦ ᠠᠮᠢ | ᠠᠬᠤᠢ ᠶᠢᠨ ᠵᠢᠭᠤᠯᠴᠢᠯᠠᠯ ᠤᠨ ᠠᠵᠤ ᠦᠢᠯᠡᠰ ᠤᠨ ᠵᠠᠰᠠᠮᠠᠯ ᠵᠠᠮ | 2024 ᠣᠨ ᠤ ︽ᠮᠠᠨ ᠤ ᠭᠡᠷ ᠤᠨ ᠡᠭᠦᠳᠡᠨ ᠳᠠᠬᠢ ᠲᠡᠷᠡ ᠵᠠᠮ — ᠬᠥᠮᠥᠰ ᠤᠨ ᠬᠦᠷᠢᠶᠡᠯᠡᠯ ᠢ ᠣᠯᠣᠭᠰᠠᠨ | ᠵᠠᠰᠠᠮᠠᠯ ᠵᠠᠮ︾ | ᠬᠥᠬᠡᠬᠤᠲᠠ ᠶᠢᠨ ᠴᠢᠩ ᠱᠦᠢ ᠾᠧ ᠰᠢᠶᠠᠨ ᠤ ᠹᠧᠩ ᠵᠢᠶᠠ ᠲᠠ ᠠᠴᠠ ᠯᠤᠤ ᠨᠢᠦ ᠸᠠᠨ ᠬᠦᠷᠬᠦ ᠵᠠᠰᠠᠮᠠᠯ ᠵᠠᠮ | | ◆ᠨᠢᠭᠡ ᠵᠠᠰᠠᠮᠠᠯ ᠵᠠᠮ ᠬᠥᠳᠡᠭᠡ ᠲᠣᠰᠬᠤᠨ ᠢ ᠬᠥᠭᠵᠢᠭᠡᠨ᠎ᠡ | ᠴᠢᠩ ᠱᠦᠢ ᠾᠧ ᠰᠢᠶᠠᠨ ᠤ ︽ᠵᠠᠮ ᠬᠠᠷᠢᠯᠴᠠᠭ᠎ᠠ +︾ ᠶᠢᠨ ᠨᠢᠭᠤᠴᠠ ᠲᠡᠮᠳᠡᠭ | | | | | | ᠬᠥᠬᠡᠬᠤᠲᠠ ᠶᠢᠨ ᠴᠢᠩ ᠱᠦᠢ ᠾᠧ ᠱᠢᠶᠠᠨ ᠤ Y712 ᠱᠤᠭᠤᠮ ᠤᠨ ᠹᠧᠩ ᠵᠢᠶᠠ ᠲᠠ ᠠᠴᠠ ᠯᠤᠤ ᠨᠢᠦ | ᠸᠠᠨ ᠬᠦᠷᠬᠦ ᠵᠠᠰᠠᠮᠠᠯ ᠵᠠᠮ ᠢ 2023 ᠣᠨ ᠳᠤ ᠪᠠᠶᠢᠭᠤᠯᠤᠨ ᠳᠠᠭᠤᠰᠬᠠᠵᠤ᠂ ᠵᠠᠮ ᠱᠤᠭᠤᠮ ᠤᠨ ᠪᠦᠬᠦ ᠤᠷᠲᠤ ᠨᠢ | 25.951 ᠺᠢᠯᠣᠮᠧᠲᠷ ᠪᠠᠶᠢᠵᠤ᠂ ᠡᠬᠢᠯᠡᠯᠲᠡ ᠶᠢᠨ ᠴᠡᠭ ᠨᠢ ᠴᠢᠩ ᠱᠦᠢ ᠾᠧ ᠰᠢᠶᠠᠨ ᠤ ᠶᠣᠣ ᠭᠧᠦ ᠰᠢᠶᠠᠩ ᠤᠨ | ᠹᠧᠩ ᠵᠢᠶᠠ ᠲᠠ ᠲᠣᠰᠬᠤᠨ ᠳᠤ ᠪᠠᠶᠢᠵᠤ᠂ ᠴᠧᠩ ᠸᠠᠨ ᠲᠣᠰᠬᠤᠨ᠂ ᠫᠦ᠋ ᠶᠧᠦ ᠲᠠ ᠲᠣᠰᠬᠤᠨ᠂ ᠰᠢ ᠴᠠ ᠲᠣᠰᠬᠤᠨ | ᠂ ᠰᠧ ᠽᠦᠸᠧ ᠲᠠ ᠲᠣᠰᠬᠤᠨ᠂ ᠨᠢᠦ ᠨᠢ ᠲᠠ ᠲᠣᠰᠬᠤᠨ᠂ ᠱᠦᠢ ᠮᠧᠨ ᠲᠠ ᠲᠣᠰᠬᠤᠨ ᠢ ᠥᠩᠭᠡᠷᠡᠵᠦ᠂ | ᠡᠴᠦᠰ ᠤᠨ ᠴᠡᠭ ᠨᠢ ᠯᠤᠤ ᠨᠢᠦ ᠸᠠᠨ ᠪᠠᠯᠭᠠᠰᠤᠨ ᠳᠤ ᠪᠠᠶᠢᠳᠠᠭ᠃ | ᠲᠣᠰ ᠵᠠᠰᠠᠮᠠᠯ ᠵᠠᠮ ᠪᠣᠯ ᠴᠢᠩ ᠱᠦᠢ ᠾᠧ ᠰᠢᠶᠠᠨ ᠤ ᠬᠠᠲᠤᠨ ᠭᠤᠣᠯ ᠳᠠᠭᠠᠤ ᠶᠢᠨ ᠵᠢᠭᠤᠯᠴᠢᠯᠠᠯ ᠤᠨ ᠠᠵᠤ | ᠠᠬᠤᠢ ᠶᠢᠨ ᠪᠦᠰᠡ ᠶᠢᠨ ᠭᠤᠣᠯ ᠱᠤᠭᠤᠮ ᠤᠨ ᠵᠠᠰᠠᠮᠠᠯ ᠵᠠᠮ ᠪᠣᠯᠣᠨ᠎ᠠ᠂ ᠪᠠᠶᠢᠭᠤᠯᠵᠤ ᠳᠠᠭᠤᠰᠬᠠᠭᠠᠳ ᠲᠡᠷᠭᠡ | ᠨᠡᠪᠲᠡᠷᠡᠭᠰᠡᠨ ᠠᠴᠠ ᠨᠠᠭᠠᠰᠢ᠂ ᠵᠠᠮ ᠳᠠᠭᠠᠤ ᠶᠢᠨ ᠲᠠᠷᠢᠶᠠᠯᠠᠩ ᠮᠠᠯ ᠠᠵᠤ ᠠᠬᠤᠢ᠂ ᠬᠥᠳᠡᠭᠡ ᠲᠣᠰᠬᠤᠨ ᠤ | ᠡᠯᠧᠺᠲᠷᠣᠨ ᠬᠤᠳᠠᠯᠳᠤᠭᠠᠨ ᠤ ᠠᠵᠤ ᠦᠢᠯᠡᠰ᠂ ᠬᠥᠳᠡᠭᠡ ᠲᠣᠰᠬᠤᠨ ᠤ ᠠᠶᠠᠨᠴᠢᠳ ᠪᠠ ᠪᠠᠷᠠᠭ᠎ᠠ ᠶᠢᠨ ᠲᠡᠭᠡᠭᠡᠪᠦᠷᠢ | ᠲᠦᠷᠭᠡᠨ ᠬᠥᠭᠵᠢᠬᠦ ᠶᠢ ᠳᠠᠶᠢᠴᠢᠯᠠᠵᠤ᠂ ᠴᠢᠩ ᠱᠦᠢ ᠾᠧ ᠰᠢᠶᠠᠨ ᠤ ᠵᠢᠭᠤᠯᠴᠢᠯᠠᠯ ᠤᠨ ᠦᠢᠯᠡᠰ ᠲᠤ ᠵᠠᠮ | ᠬᠠᠷᠢᠯᠴᠠᠭᠠᠨ ᠤ ᠪᠠᠲᠤᠯᠠᠭ᠎ᠠ ᠬᠠᠩᠭᠠᠵᠤ᠂ ᠯᠣᠣ ᠨᠢᠦ ᠸᠠᠨ ᠦᠵᠡᠮᠵᠢ ᠶᠢᠨ ᠣᠷᠣᠨ ᠤ ᠠᠵᠤ ᠠᠬᠤᠢ ᠶᠢᠨ ᠨᠥᠯᠥᠭᠡᠯᠡᠨ | ᠳᠠᠶᠢᠴᠢᠯᠠᠬᠤ ᠦᠢᠯᠡᠳᠦᠯ ᠢ ᠨᠡᠮᠡᠭᠳᠡᠭᠦᠯᠵᠦ᠂ ᠵᠠᠮ ᠳᠠᠭᠠᠤ ᠶᠢᠨ ᠣᠯᠠᠨ ᠲᠦᠮᠡᠨ ᠳᠤ ᠰᠠᠶᠢᠨ ᠰᠠᠶᠢᠬᠠᠨ ᠠᠵᠤ | ᠠᠬᠤᠢ ᠶᠢᠨ ᠦᠷ᠎ᠡ ᠠᠰᠢᠭ ᠢ ᠠᠪᠴᠢᠷᠠᠵᠤ ᠥᠭᠴᠡᠢ᠃ | |