ᠮᠠᠰᠢᠨ ᠲᠡᠷᠭᠡ ᠵᠢᠯᠤᠭᠤᠳᠬᠤ ᠳᠠᠭᠠᠨ ᠠᠶᠤᠯ ᠦᠭᠡᠢ ᠪᠦᠰᠡ ᠪᠦᠰᠡᠯᠡᠬᠦ ︵ᠪᠤᠶᠤ ᠳᠤᠭᠤᠯᠠᠭ᠎ᠠ ᠵᠡᠭᠦᠬᠦ︶᠂ | ᠬᠤᠷᠳᠤᠴᠠ ᠬᠡᠲᠦᠷᠡᠭᠦᠯᠬᠦ ᠦᠭᠡᠢ ᠪᠠᠶᠢᠬᠤ ᠶᠢ ᠠᠩᠬᠠᠷᠴᠤ᠂ ᠠᠷᠢᠬᠢ ᠤᠤᠭᠤᠪᠠᠯ ᠮᠠᠰᠢᠨ ᠵᠢᠯᠤᠭᠤᠳᠬᠤ ᠦᠭᠡᠢ | ᠪᠠᠶᠢᠬᠤ ᠨᠢ ᠵᠠᠮ ᠬᠠᠷᠢᠯᠴᠠᠭᠠᠨ ᠤ ᠰᠢᠷᠬᠠᠲᠤᠯ ᠭᠡᠮᠲᠦᠯ ᠢ ᠦᠨᠡᠨ ᠬᠦ ᠴᠥᠭᠡᠳᠬᠡᠵᠦ ᠳᠡᠶᠢᠯᠳᠡᠭ᠃ | ᠪᠦᠭᠦ ᠳᠡᠯᠡᠬᠡᠢ ᠶᠢᠨ ᠵᠢᠯ ᠪᠣᠯᠭᠠᠨ ᠤ ᠠᠶᠠᠨ ᠵᠠᠮ ᠳᠠᠭᠠᠨ ᠮᠠᠰᠢᠨ ᠲᠡᠷᠭᠡ ᠮᠥᠷᠭᠦᠯᠳᠦᠭᠰᠡᠨ ᠠᠴᠠ ᠪᠣᠯᠵᠤ ᠠᠮᠢ | ᠪᠠᠨ ᠬᠤᠷᠣᠭᠠᠭᠰᠠᠨ ᠬᠥᠮᠥᠨ ᠤ ᠲᠤᠭ᠎ᠠ ᠪᠠᠷᠤᠭ 120 ᠲᠦᠮᠡ ᠳᠤ ᠭᠦᠷᠳᠡᠭ᠃ ᠡᠨᠡ ᠨᠢ ᠪᠦᠭᠦ ᠳᠡᠯᠡᠬᠡᠢ ᠶᠢᠨ | ᠦᠬᠦᠵᠦ ᠠᠳᠡᠭᠰᠡᠨ ᠬᠥᠮᠥᠨ ᠤ ᠶᠡᠷᠦᠩᠬᠡᠢ ᠲᠣᠭᠠᠨ ᠤ 2.1% ᠶᠢ ᠡᠵᠡᠯᠡᠵᠦ ᠪᠤᠢ᠃ ᠡᠭᠦᠨ ᠠᠴᠠ ᠭᠠᠳᠠᠨ᠎ᠠ | ᠪᠠᠰᠠ ᠬᠡᠳᠦᠨ ᠵᠠᠭᠤᠨ ᠲᠦᠮᠡᠨ ᠬᠥᠮᠥᠨ ᠵᠠᠮ ᠬᠠᠷᠢᠯᠴᠠᠭᠠᠨ ᠤ ᠠᠳᠡᠯ ᠠᠴᠠ ᠪᠣᠯᠵᠤ ᠰᠢᠷᠠᠭᠲᠤᠨ ᠭᠡᠮᠲᠦᠳᠡᠭ᠂ ᠵᠠᠮ | ᠬᠠᠷᠢᠯᠴᠠᠭᠠᠨ ᠤ ᠠᠳᠡᠯ ᠠᠴᠠ ᠪᠣᠯᠤᠭᠰᠠᠨ ᠰᠢᠷᠬᠠᠲᠤᠯ ᠭᠡᠮᠲᠦᠯ ᠨᠢ 5 — 25 ᠨᠠᠰᠤᠨ ᠤ ᠬᠤᠭᠤᠷᠤᠨᠳᠤᠭᠢ | ᠬᠥᠮᠥᠰ ᠤᠨ ᠦᠬᠦᠵᠦ ᠰᠦᠢᠳᠬᠦ ᠠᠶᠤᠯ ᠤᠨ ᠬᠤᠶᠠᠳᠤᠭᠠᠷ ᠶᠡᠭᠡ ᠰᠢᠯᠲᠠᠭᠠᠨ ᠪᠣᠯᠣᠭᠠᠳ ᠪᠠᠶᠢᠨ᠎ᠠ᠃ | ᠵᠠᠮ ᠬᠠᠷᠢᠯᠴᠠᠭᠠᠨ ᠤ ᠠᠳᠡᠯ ᠠᠴᠠ ᠮᠤᠯᠲᠤᠷᠠᠨ ᠵᠠᠶᠢᠯᠠᠵᠤ ᠪᠤᠯᠳᠠᠭ᠃ ᠮᠠᠰᠢ ᠤᠯᠠᠨ ᠤᠯᠤᠰ ᠤᠨ ᠬᠢᠨ | ᠵᠠᠩᠭᠢᠯᠠᠭ᠎ᠠ ᠶᠢᠨ ᠠᠰᠠᠭᠤᠳᠠᠯ ᠢ ᠰᠢᠢᠳᠪᠦᠷᠢᠯᠡᠬᠦ ᠪᠠᠷ ᠲᠠᠮᠵᠢᠨ ᠠᠳᠡᠯ ᠭᠠᠷᠬᠤ ᠲᠤᠭ᠎ᠠ ᠬᠡᠮᠵᠢᠶ᠎ᠡ᠂ ᠳᠠᠪᠲᠠᠮᠵᠢ ᠪᠣᠯᠣᠨ | ᠬᠦᠨᠳᠦ ᠨᠣᠴᠢᠲᠠᠢ ᠴᠢᠨᠠᠷ ᠢ ᠮᠡᠳᠡᠭᠳᠡᠬᠦᠶᠢᠴᠡ ᠪᠠᠭᠤᠷᠠᠭᠤᠯᠤᠭᠰᠠᠨ ᠪᠠᠶᠢᠳᠠᠭ᠃ ᠬᠠᠮᠢᠶ᠎ᠠ ᠪᠦᠬᠦᠢ ᠮᠠᠲ᠋ᠧᠷᠢᠶᠠᠯ ᠳᠤ | ᠲᠣᠳᠣᠷᠬᠠᠶᠢᠯᠠᠭᠰᠠᠨ ᠢ ᠦᠨᠳᠦᠰᠦᠯᠡᠪᠡᠯ᠂ ᠮᠠᠰᠢᠨ ᠲᠡᠷᠭᠡ ᠵᠢᠯᠤᠭᠤᠳᠬᠤ ᠪᠤᠶᠤ ᠮᠠᠰᠢᠨ ᠲᠡᠷᠭᠡᠨ ᠳᠤ | ᠰᠠᠭᠤᠬᠤ ᠳᠠᠭᠠᠨ ᠠᠶᠤᠯ ᠦᠭᠡᠢ ᠪᠦᠰᠡ ᠶᠢ ᠪᠦᠰᠡᠯᠡᠪᠡᠯ ᠰᠢᠷᠬᠠᠲᠤᠵᠤ ᠭᠡᠮᠲᠦᠬᠦ ᠠᠶᠤᠯ ᠢ 4%—5% ᠪᠠᠷ | ᠪᠠᠭᠤᠷᠠᠭᠤᠯᠵᠤ ᠪᠤᠯᠬᠤ ᠪᠥᠭᠡᠳ ᠦᠬᠦᠵᠦ ᠰᠦᠢᠳᠬᠦ ᠠᠶᠤᠯ ᠢ 4%— 6% ᠪᠠᠷ ᠴᠥᠭᠡᠳᠬᠡᠵᠦ ᠳᠡᠶᠢᠯᠳᠡᠭ᠃ | ᠳᠤᠭᠤᠯᠠᠭ᠎ᠠ ᠵᠡᠭᠦᠬᠦ ᠨᠢ ᠤᠨᠤᠵᠤ ᠪᠠᠶᠢᠬᠤ ᠮᠣᠲ᠋ᠣᠷ ᠬᠢᠭᠡᠳ ᠳᠤᠭᠤᠢ ᠲᠡᠷᠭᠡ ᠮᠥᠷᠭᠦᠯᠳᠦᠵᠦ ᠲᠣᠯᠣᠭᠠᠢ ᠶᠢᠨ | ᠬᠡᠰᠡᠭ ᠰᠢᠷᠬᠠᠲᠤᠵᠤ ᠭᠡᠮᠲᠦᠬᠦ ᠶᠢ ᠴᠥᠭᠡᠳᠬᠡᠵᠦ ᠪᠤᠯᠬᠤ ᠬᠠᠮᠤᠭ ᠪᠦᠳᠤᠮᠵᠢᠳᠡᠢ ᠠᠷᠭ᠎ᠠ ᠭᠡᠯᠪᠡᠷᠢ ᠪᠣᠯᠣᠨ᠎ᠠ᠃ | ᠮᠣᠲ᠋ᠣᠷ ᠤᠨᠤᠬᠤ ᠳᠤ ᠳᠤᠭᠤᠯᠠᠭ᠎ᠠ ᠵᠡᠭᠦᠪᠡᠯ ᠲᠣᠯᠣᠭᠠᠢ ᠶᠢᠨ ᠬᠡᠰᠡᠭ ᠲᠤ ᠰᠢᠷᠬᠠᠲᠤᠯ ᠭᠡᠮᠲᠦᠯ ᠭᠠᠷᠬᠤ ᠪᠠ ᠲᠡᠭᠦᠨ | ᠠᠴᠠ ᠪᠣᠯᠵᠤ ᠬᠦᠨᠳᠦ ᠬᠡᠴᠡᠭᠦᠦ ᠪᠠᠶᠢᠳᠠᠯ ᠡᠭᠦᠰᠬᠦ ᠶᠢ ᠪᠠᠷᠤᠭ 70% ᠪᠠᠷ ᠴᠥᠭᠡᠳᠬᠡᠵᠦ ᠳᠡᠶᠢᠯᠳᠡᠭ ᠪᠥᠭᠡᠳ | ᠦᠬᠦᠵᠦ ᠰᠦᠢᠳᠬᠦ ᠠᠶᠤᠯ ᠢ 39% ᠪᠠᠷ ᠪᠠᠭᠤᠷᠠᠭᠤᠯᠵᠤ ᠪᠤᠯᠳᠠᠭ᠃ | ᠭᠡᠳᠤ ᠬᠤᠷᠳᠤᠴᠠ ᠪᠠᠷ ᠮᠠᠰᠢᠨ ᠲᠡᠷᠭᠡ ᠵᠢᠯᠤᠭᠤᠳᠬᠤ ᠪᠣᠯ ᠵᠠᠮ ᠬᠠᠷᠢᠯᠴᠠᠭᠠᠨ ᠤ ᠰᠢᠷᠬᠠᠲᠤᠯ ᠭᠡᠮᠲᠦᠯ | ᠭᠠᠷᠴᠤ ᠪᠠᠶᠢᠬᠤ ᠶᠢᠨ ᠭᠤᠣᠯ ᠰᠢᠯᠲᠠᠭᠠᠨ ᠪᠣᠯᠣᠨ᠎ᠠ᠃ ᠪᠣᠳᠠᠲᠤ ᠪᠠᠶᠢᠳᠠᠯ ᠭᠡᠷᠡᠴᠢᠯᠡᠭᠰᠡᠨ ᠨᠢ᠂ ᠮᠠᠰᠢᠨ ᠲᠡᠷᠭᠡᠨ ᠤ | ᠳᠠᠪᠬᠢᠬᠤ ᠬᠤᠷᠳᠤᠴᠠ ᠶᠢ ᠲᠡᠭᠰᠢᠳᠬᠡᠭᠡᠳ ᠴᠠᠭ ᠪᠦᠷᠢ ᠳᠤ 1 ᠺᠢᠯᠣᠮᠧᠲᠷ ᠤᠳᠠᠭᠠᠰᠢᠷᠠᠭᠤᠯᠪᠠᠯ ᠮᠠᠰᠢᠨ ᠲᠡᠷᠭᠡᠨ | ᠠᠴᠠ ᠪᠤᠯᠬᠤ ᠦᠬᠦᠯ ᠤᠨ ᠠᠶᠤᠯ ᠢ 4%— 5% ᠪᠠᠷ ᠴᠥᠭᠡᠳᠬᠡᠵᠦ ᠪᠤᠯᠳᠠᠭ᠃ ᠮᠠᠰᠢᠨ ᠲᠡᠷᠭᠡᠨ ᠤ ᠳᠠᠪᠬᠢᠬᠤ | ᠬᠤᠷᠳᠤᠴᠠ ᠶᠢ ᠤᠳᠠᠭᠠᠰᠢᠷᠠᠭᠤᠯᠪᠠᠯ ᠶᠠᠪᠠᠭᠠᠨ ᠬᠥᠮᠥᠨ ᠢ ᠪᠠᠰᠠ ᠠᠶᠤᠯ ᠠᠴᠠ ᠬᠡᠯᠲᠦᠷᠢᠭᠦᠯᠵᠦ ᠪᠤᠯᠳᠠᠭ᠃ ᠲᠡᠶᠢᠮᠤ | ᠪᠣᠯᠬᠤᠷ ᠮᠠᠰᠢᠨ ᠲᠡᠷᠭᠡᠨ ᠤ ᠵᠢᠯᠣᠭᠤᠴᠢᠳ ᠡᠷᠬᠡᠪᠰᠢ ᠮᠠᠰᠢᠨ ᠲᠡᠷᠭᠡᠨ ᠤ ᠳᠠᠪᠬᠢᠬᠤ ᠬᠤᠷᠳᠤᠴᠠ ᠶᠢ ᠬᠢᠵᠠᠭᠠᠷᠯᠠᠬᠤ | ᠳᠦᠷᠢᠮ ᠢ ᠴᠢᠩᠭ᠎ᠠ ᠵᠢᠷᠤᠮᠯᠠᠨ ᠲᠠᠭᠠᠬᠤ ᠬᠡᠷᠡᠭᠲᠡᠢ᠃ | ᠠᠷᠢᠬᠢ ᠤᠤᠭᠤᠭᠰᠠᠨ ᠪᠠᠶᠢᠳᠠᠯ ᠳᠣᠣᠷ᠎ᠠ ᠠᠳᠡᠯ ᠭᠠᠷᠬᠤ ᠪᠣᠯᠣᠮᠵᠢ ᠣᠯᠠᠰᠢᠷᠠᠬᠤ ᠪᠥᠭᠡᠳ ᠰᠢᠷᠬᠠᠲᠤᠯ | ᠭᠡᠮᠲᠦᠯ ᠢ ᠬᠦᠨᠳᠦᠷᠡᠭᠦᠯᠬᠦ ᠨᠢ ᠶᠠᠷᠢᠶᠠᠨ ᠦᠭᠡᠢ᠂ ᠠᠷᠢᠬᠢ ᠤᠤᠭᠤᠭᠠᠳ ᠮᠠᠰᠢᠨ ᠲᠡᠷᠭᠡ ᠵᠢᠯᠣᠭᠤᠳᠤᠭᠰᠠᠨ | ᠵᠢᠯᠣᠭᠤᠴᠢ ᠶᠢᠨ ᠠᠮᠢᠨ ᠳᠤ ᠲᠤᠯᠤᠭᠰᠠᠨ ᠠᠶᠤᠯ ᠪᠦᠬᠦᠢ ᠲᠡᠷᠭᠡᠨ ᠠᠳᠡᠯ ᠭᠠᠷᠭᠠᠬᠤ ᠨᠢ ᠰᠫᠢᠷᠲ ᠤᠨ ᠬᠤᠣᠷ | ᠨᠥᠯᠥᠭᠡ ᠶᠢ ᠦᠯᠤ ᠭᠥᠷᠳᠡᠭᠰᠡᠨ ᠵᠢᠯᠣᠭᠤᠴᠢ ᠶᠢᠨ ᠲᠡᠷᠭᠡᠨ ᠠᠳᠡᠯ ᠭᠠᠷᠭᠠᠭᠰᠠᠨ ᠤ 17 ᠲᠠᠭᠢᠨ ᠪᠠᠶᠢᠳᠠᠭ᠃ | ᠬᠤᠯᠠ ᠵᠠᠮ ᠮᠠᠰᠢᠨ ᠲᠡᠷᠭᠡ ᠵᠢᠯᠣᠭᠤᠳᠤᠨ ᠠᠶᠠᠨ ᠬᠥᠭᠡᠭᠡᠬᠦ᠂ ᠵᠠᠮ ᠳᠠᠭᠠᠤ ᠡᠯᠦᠢ ᠬᠤᠯᠤᠢ ᠪᠠᠶᠢᠳᠠᠯ ᠲᠠᠢ | ᠪᠠᠶᠢᠬᠤ᠂ ᠵᠠᠮ ᠤᠨ ᠪᠠᠶᠢᠴᠠ ᠶᠢ ᠰᠠᠶᠢᠨ ᠮᠡᠳᠡᠬᠦ ᠦᠭᠡᠢ᠂ ᠠᠭᠤᠷ ᠠᠮᠢᠰᠬᠤᠯ ᠤᠨ ᠪᠠᠶᠢᠳᠠᠯ ᠮᠠᠭᠤ ᠪᠠᠶᠢᠬᠤ᠂ ᠨᠢᠭᠡ | ᠡᠳᠦᠷ ᠤᠨ ᠤᠨᠲᠠᠭᠰᠠᠨ ᠴᠠᠭ ᠨᠢ 5 ᠴᠠᠭ ᠲᠤ ᠭᠦᠷᠤᠭᠡ ᠦᠭᠡᠢ᠂ ᠶᠡᠷᠦᠳᠡ ᠶᠢᠨ ᠤᠨᠲᠠᠬᠤ ᠶᠣᠰᠣᠲᠠᠢ ᠴᠠᠭ ᠲᠤ | ᠮᠠᠰᠢᠨ ᠲᠡᠷᠭᠡ ᠵᠢᠯᠤᠭᠤᠳᠬᠤ ᠵᠡᠷᠭᠡ ᠲᠣᠬᠢᠶᠠᠯᠳᠤᠯ ᠳᠤ ᠵᠢᠯᠣᠭᠤᠴᠢ ᠶᠢᠨ ᠪᠡᠶ᠎ᠡ ᠳᠤ ᠭᠢᠯᠪᠠᠷᠬᠠᠨ ᠢᠶᠠᠷ ᠶᠠᠳᠠᠷᠠᠵᠤ | ᠵᠦᠳᠡᠷᠡᠭᠰᠡᠨ ᠪᠠᠶᠢᠳᠠᠯ ᠢᠯᠡᠷᠡᠳᠡᠭ᠂ ᠡᠶᠢᠮᠦ ᠶᠠᠳᠠᠷᠠᠵᠤ ᠵᠦᠳᠡᠷᠡᠭᠰᠡᠨ ᠪᠠᠶᠢᠳᠠᠯ ᠳᠤ ᠮᠠᠰᠢᠨ ᠲᠡᠷᠭᠡ ᠵᠢᠯᠣᠭᠤᠳᠪᠠᠯ | ᠲᠡᠷᠭᠡᠨ ᠠᠳᠡᠯ ᠯᠠᠪ ᠭᠠᠷᠤᠨ᠎ᠠ᠃ ᠵᠢᠯᠣᠭᠤᠴᠢ ᠪᠣᠯᠣᠭᠰᠠᠳ ᠮᠠᠰᠢᠨ ᠲᠡᠷᠭᠡ ᠪᠠᠨ ᠦᠷᠭᠦᠯᠵᠢᠯᠡᠭᠦᠯᠤᠨ 4 ᠴᠠᠭ | ᠵᠢᠯᠣᠭᠤᠳᠤᠭᠰᠠᠨ ᠤ ᠲᠠᠷᠠᠭ᠎ᠠ ᠲᠡᠷᠭᠡ ᠪᠠᠨ ᠵᠣᠭᠰᠣᠭᠠᠵᠤ᠂ ᠪᠡᠶ᠎ᠡ ᠮᠠᠬᠠᠪᠤᠳ ᠪᠠ ᠰᠡᠳᠬᠢᠯ ᠰᠠᠨᠠᠭ᠎ᠠ ᠪᠠᠨ ᠰᠡᠷᠭᠦᠭᠡᠨ | ᠠᠮᠠᠷᠠᠭᠠᠬᠤ ᠬᠡᠷᠡᠭᠲᠡᠢ᠃ | ᠬᠡᠦᠬᠡᠳ ᠲᠤ ᠵᠣᠷᠢᠭᠤᠯᠤᠭᠰᠠᠨ ᠰᠡᠷᠭᠡᠶᠢᠯᠡᠨ ᠬᠠᠮᠠᠭᠠᠯᠠᠯᠲᠠ ᠪᠦᠬᠦᠢ ᠳᠤᠨᠤᠭ ᠲᠥᠬᠦᠭᠡᠷᠦᠮᠵᠢ᠂ ᠲᠤᠬᠠᠶᠢᠯᠠᠪᠠᠯ | ᠨᠢᠯᠬ᠎ᠠ ᠬᠡᠦᠬᠡᠳ ᠪᠠ ᠥᠭᠡᠯᠡᠢ ᠬᠡᠦᠬᠡᠳ ᠲᠤ ᠵᠣᠷᠢᠭᠤᠯᠤᠭᠰᠠᠨ ᠰᠠᠭᠤᠳᠠᠯ ᠨᠢ ᠵᠠᠮ ᠬᠠᠷᠢᠯᠴᠠᠭᠠᠨ ᠤ ᠠᠳᠡᠯ ᠭᠠᠷᠬᠤ | ᠦᠶᠡᠰ ᠨᠢᠯᠬ᠎ᠠ ᠬᠡᠦᠬᠡᠳ ᠪᠠ ᠥᠭᠡᠯᠡᠢ ᠬᠡᠦᠬᠡᠳ ᠲᠤ ᠪᠦᠳᠤᠮᠵᠢᠳᠡᠢ ᠬᠠᠮᠠᠭᠠᠯᠠᠬᠤ ᠦᠢᠯᠡᠳᠦᠯ ᠦᠵᠡᠭᠦᠯᠳᠡᠭ᠃ | ᠮᠠᠰᠢᠨ ᠲᠡᠷᠭᠡ ᠮᠥᠷᠭᠦᠯᠳᠦᠬᠦ ᠦᠶᠡᠰ ᠲᠤ ᠬᠡᠦᠬᠡᠳ ᠲᠤ ᠵᠣᠷᠢᠭᠤᠯᠤᠭᠰᠠᠨ ᠰᠡᠷᠭᠡᠶᠢᠯᠡᠨ ᠬᠠᠮᠠᠭᠠᠯᠠᠯᠲᠠ ᠶᠢᠨ ᠳᠤᠨᠤᠭ | ᠲᠥᠬᠦᠭᠡᠷᠦᠮᠵᠢ ᠨᠢ 71% ᠶᠢᠨ ᠨᠢᠯᠬ᠎ᠠ ᠬᠡᠦᠬᠡᠳ᠂ 54% ᠶᠢᠨ ᠥᠭᠡᠯᠡᠢ ᠬᠡᠦᠬᠡᠳ ᠤᠨ ᠦᠬᠦᠵᠦ ᠰᠦᠢᠳᠬᠦ | ᠠᠶᠤᠯ ᠢ ᠪᠠᠭᠠᠰᠬᠠᠳᠠᠭ ᠪᠠᠶᠢᠨ᠎ᠠ᠃ ᠲᠡᠶᠢᠮᠤ ᠪᠣᠯᠬᠤᠷ ᠮᠠᠰᠢᠨ ᠲᠡᠷᠭᠡᠨ ᠤ ᠳᠣᠲᠣᠷ᠎ᠠ ᠬᠡᠦᠬᠡᠳ ᠲᠤ ᠵᠣᠷᠢᠭᠤᠯᠤᠭᠰᠠᠨ | ᠰᠡᠷᠭᠡᠶᠢᠯᠡᠨ ᠬᠠᠮᠠᠭᠠᠯᠠᠯᠲᠠ ᠶᠢᠨ ᠳᠤᠨᠤᠭ ᠲᠥᠬᠦᠭᠡᠷᠦᠮᠵᠢ ᠶᠢ ᠤᠭᠰᠠᠷᠠᠨ ᠲᠠᠭᠠᠷᠠᠭᠤᠯᠪᠠᠯ ᠵᠣᠬᠢᠨ᠎ᠠ᠃ | ᠶᠠᠪᠠᠭᠠᠨ ᠬᠥᠮᠥᠨ ᠪᠠ ᠮᠠᠰᠢᠨ ᠬᠥᠳᠡᠯᠭᠡᠭᠦᠷ ᠦᠭᠡᠢ ᠲᠡᠷᠭᠡᠨ ᠤ ᠵᠢᠯᠣᠭᠤᠴᠢ ᠴᠤ ᠵᠠᠮ ᠬᠠᠷᠢᠯᠴᠠᠭᠠᠨ ᠤ ᠬᠠᠤᠯᠢ | ᠲᠣᠭᠲᠠᠭᠠᠯ ᠢ ᠤᠬᠠᠮᠰᠠᠷ ᠠᠴᠠ ᠪᠠᠨ ᠰᠠᠬᠢᠨ ᠵᠢᠷᠤᠮᠯᠠᠬᠤ ᠬᠡᠷᠡᠭᠲᠡᠢ᠃ ᠵᠠᠮ ᠣᠭᠲᠣᠯᠵᠤ ᠭᠠᠷᠬᠤ ᠳᠠᠭᠠᠨ ᠵᠠᠪᠠᠯ | ᠬᠥᠨᠳᠡᠯᠡᠨ ᠵᠢᠷᠤᠭᠠᠰᠤ ᠲᠠᠢ ᠭᠠᠵᠠᠷ ᠢᠶᠠᠷ ᠶᠠᠪᠤᠵᠤ᠂ᠭᠠᠷ ᠤᠲᠠᠰᠤ ᠪᠠᠨ ᠦᠵᠡᠬᠦ ᠪᠤᠶᠤ ᠰᠣᠨᠣᠰᠤᠭᠤᠷ ᠢᠶᠠᠷ | ᠶᠠᠭᠤᠮ᠎ᠠ ᠰᠣᠨᠣᠰᠴᠤ ᠠᠩᠬᠠᠷᠤᠯ ᠲᠥᠪᠯᠡᠷᠡᠬᠦ ᠦᠭᠡᠢ ᠪᠠᠶᠢᠳᠠᠯ ᠭᠠᠷᠬᠤ ᠠᠴᠠ ᠬᠡᠷᠰᠡᠦᠯᠡᠬᠦ ᠬᠡᠷᠡᠭᠲᠡᠢ᠃ ᠪᠠᠭ᠎ᠠ | ᠰᠤᠷᠭᠠᠭᠤᠯᠢ ᠶᠢᠨ ᠰᠤᠷᠤᠬᠴᠢᠳ ᠪᠣᠯᠣᠨ ᠴᠡᠪᠡᠷᠯᠡᠭᠡ ᠶᠢᠨ ᠠᠵᠢᠯᠴᠢᠳ ᠭᠡᠷᠡᠯ ᠣᠶᠢᠯᠭᠠᠬᠤ ᠴᠢᠨᠠᠷᠲᠠᠢ ᠪᠤᠶᠤ ᠥᠩᠭᠡ | ᠪᠤᠳᠤᠭ ᠨᠢ ᠭᠡᠷᠡᠯ ᠭᠢᠯᠪᠠᠭ᠎ᠠ ᠲᠠᠢ ᠬᠤᠪᠴᠠᠰᠤ ᠡᠮᠦᠰᠬᠦ ᠪᠤᠶᠤ ᠫᠠᠶᠢᠰᠠ ᠲᠡᠮᠳᠡᠭ ᠵᠡᠭᠦᠬᠦ ᠬᠡᠷᠡᠭᠲᠡᠢ᠃ ᠲᠤᠬᠠᠶᠢᠯᠠᠪᠠᠯ᠂ | ᠪᠠᠭ᠎ᠠ ᠰᠤᠷᠭᠠᠭᠤᠯᠢ ᠶᠢᠨ ᠰᠤᠷᠤᠬᠴᠢᠳ ᠰᠢᠷ᠎ᠠ ᠮᠠᠯᠠᠭᠠᠢ ᠵᠡᠭᠦᠵᠡᠭᠡᠬᠦ ᠨᠢ ᠮᠠᠰᠢᠨ ᠲᠡᠷᠭᠡᠨ ᠤ ᠵᠢᠯᠣᠭᠤᠴᠢ ᠳᠤ ᠨᠡᠩ | ᠢᠯᠠ ᠲᠣᠳᠣᠷᠬᠠᠢ ᠬᠠᠷᠠᠭᠳᠠᠳᠠᠭ ᠪᠣᠯᠬᠤᠷ ᠡᠭᠦᠨ ᠤ ᠤᠯᠠᠮ ᠢᠶᠠᠷ ᠥᠪᠡᠷ ᠤᠨ ᠪᠡᠶ᠎ᠡ ᠪᠠᠨ ᠬᠠᠮᠠᠭᠠᠯᠠᠬᠤ ᠦᠢᠯᠡᠳᠦᠯ | ᠭᠠᠷᠭᠠᠵᠤ ᠪᠠᠶᠢᠳᠠᠭ᠃ | ᠵᠠᠮ ᠬᠠᠷᠢᠯᠴᠠᠭᠠᠨ ᠤ ᠠᠳᠡᠯ ᠳᠤᠮᠳᠠ ᠦᠬᠦᠭᠰᠡᠨ᠂ ᠰᠢᠷᠬᠠᠲᠤᠭᠰᠠᠨ ᠪᠠ ᠵᠡᠮᠳᠡᠭ ᠪᠣᠯᠤᠭᠰᠠᠨ ᠭᠤᠣᠯ | ᠪᠣᠯᠬᠤᠶᠢᠴᠠ ᠬᠥᠮᠥᠰ ᠨᠢ ᠬᠡᠦᠬᠡᠳ᠂ ᠵᠠᠯᠠᠭᠤᠴᠤᠳ ᠪᠠᠭᠠᠴᠤᠳ ᠪᠠᠶᠢᠳᠠᠭ᠃ ᠭᠡᠬᠦ ᠳᠡᠭᠡᠨ ᠲᠡᠳᠡᠨ ᠤ ᠳᠣᠲᠣᠷ᠎ᠠ | ᠶᠠᠪᠠᠭᠠᠨ ᠶᠠᠪᠤᠭᠴᠢ᠂ ᠳᠤᠭᠤᠢ ᠤᠨᠤᠬᠴᠢ᠂ ᠮᠣᠲ᠋ᠣᠷ ᠤᠨᠤᠬᠴᠢ᠂ ᠮᠠᠰᠢᠨ ᠲᠡᠷᠭᠡᠨ ᠤ ᠰᠢᠨ᠎ᠡ ᠵᠢᠯᠣᠭᠤᠴᠢ ᠶᠤᠮ ᠤᠤ | ᠮᠠᠰᠢᠨ ᠲᠡᠷᠭᠡᠨ ᠳᠤ ᠰᠠᠭᠤᠭᠴᠢ ᠠᠯᠢ ᠠᠯᠢ ᠨᠢ ᠪᠦᠷ ᠪᠠᠶᠢᠯᠴᠠᠳᠠᠭ᠃ ᠡᠶᠢᠮᠦ ᠪᠠᠶᠢᠳᠠᠯ ᠤᠨ ᠪᠤᠢ ᠪᠣᠯᠤᠭᠰᠠᠨ ᠨᠢ | ᠬᠡᠦᠬᠡᠳ᠂ ᠵᠠᠯᠠᠭᠤᠴᠤᠳ ᠤᠨ ᠮᠠᠬᠠᠪᠤᠳ ᠤᠨ ᠪᠠ ᠰᠡᠳᠬᠢᠴᠡ ᠶᠢᠨ ᠣᠨᠴᠠᠯᠢᠭ ᠲᠠᠢ ᠬᠤᠯᠪᠤᠭ᠎ᠠ ᠲᠠᠢ ᠪᠠᠶᠢᠳᠠᠭ᠃ | ᠪᠣᠳᠠᠲᠠᠢ ᠪᠠᠷ ᠬᠡᠯᠡᠪᠡᠯ᠂ ᠲᠠᠳᠡᠨᠤᠰ ᠶᠡᠷᠦ ᠨᠢ ᠠᠪ ᠠᠮᠠᠷᠬᠠᠨ ᠬᠥᠭᠡᠷᠦᠨ ᠬᠥᠭᠰᠡᠳᠡᠭ ᠪᠥᠭᠡᠳ ᠲᠤᠷᠰᠢᠯᠭ᠎ᠠ ᠳᠠᠩᠴᠤ | ᠮᠡᠬᠦᠰ ᠪᠠᠶᠢᠳᠠᠭ᠃ ᠡᠴᠢᠭᠡ ᠡᠬᠡ ᠪᠣᠯᠣᠭᠰᠠᠳ ᠪᠡᠶ᠎ᠡ ᠪᠠᠷ ᠢᠶᠠᠨ ᠬᠡᠪ ᠳᠦᠷᠢᠮ ᠦᠵᠡᠭᠦᠯᠵᠦ᠂ ᠬᠡᠦᠬᠡᠳ ᠤᠨ ᠢᠶᠠᠨ | ᠵᠠᠮ ᠬᠠᠷᠢᠯᠴᠠᠭᠠᠨ ᠤ ᠠᠮᠤᠷ ᠮᠠᠨᠳᠤ ᠶᠢᠨ ᠲᠠᠯ᠎ᠠ ᠪᠠᠷ ᠬᠢ ᠰᠤᠷᠭᠠᠨ ᠬᠥᠮᠦᠵᠢᠯ ᠢ ᠴᠢᠩᠭᠠᠳᠬᠠᠵᠤ᠂ ᠲᠡᠳᠡᠨ ᠢ | ᠵᠢᠭᠠᠨ ᠵᠢᠯᠤᠭᠤᠳᠴᠤ ᠵᠠᠮ ᠬᠠᠷᠢᠯᠴᠠᠭᠠᠨ ᠤ ᠬᠠᠤᠯᠢ ᠲᠣᠭᠲᠠᠭᠠᠯ ᠢ ᠵᠢᠷᠤᠮᠯᠠᠨ ᠰᠠᠬᠢᠭᠤᠯᠬᠤ ᠬᠡᠷᠡᠭᠲᠡᠢ᠃ | | ︵︽ᠡᠷᠡᠭᠦᠯ ᠮᠠᠨᠳᠤ ᠶᠢᠨ 66 ᠵᠤᠷᠪᠤᠰ︾ ᠨᠣᠮ ᠠᠴᠠ ᠨᠠᠶᠢᠷᠠᠭᠤᠯᠤᠨ ᠠᠪᠤᠪᠠ︶ | |