ᠬᠠᠪᠤᠷ ᠤᠨ ᠦᠵᠡᠮᠵᠢ ᠶᠠᠭ ᠰᠠᠶᠢᠬᠠᠨ᠂ ᠴᠢᠩ ᠱᠦᠢ ᠾᠧ ᠰᠢᠶᠠᠨ ᠤ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠬᠦᠷ ᠬᠥᠭᠵᠢᠶᠡᠨ ᠲᠠᠢ ᠶᠠᠪᠤᠭᠳᠠᠵᠤ ᠪᠠᠶᠢᠨ᠎ᠠ
ᠨᠡᠶᠢᠲᠡᠯᠡᠭᠰᠡᠨ ᠴᠠᠭ᠄
2024/3/29
     ᠵᠢᠯ ᠤᠨ ᠠᠵᠢᠯ ᠬᠠᠪᠤᠷ ᠲᠠᠭᠠᠨ ᠪᠠᠶᠢᠵᠤ᠂ ᠲᠠᠷᠢᠶᠠᠯᠠᠬᠤ ᠴᠠᠭ ᠢ ᠰᠠᠭᠠᠲᠠᠭᠠᠬᠤ ᠦᠭᠡᠢ ᠬᠠᠪᠤᠷ ᠤᠨ ᠲᠠᠷᠢᠶᠠᠯᠠᠭ᠎ᠠ ᠶᠢ ᠪᠠᠲᠤᠯᠠᠬᠤ ᠬᠡᠷᠡᠭᠲᠡᠢ᠃ ᠠᠭᠠᠷ ᠤᠨ ᠳᠤᠯᠠᠭᠠᠨ ᠤ ᠳᠡᠭᠡᠭᠰᠢᠯᠡᠬᠦ ᠶᠢ ᠳᠠᠭᠠᠯᠳᠤᠨ᠂ ᠴᠢᠩ ᠱᠦᠢ ᠾᠧ ᠰᠢᠶᠠᠨ ᠤ ᠡᠯ᠎ᠡ ᠰᠢᠶᠠᠩ ᠪᠠᠯᠭᠠᠰᠤ ᠶᠢᠨ ᠬᠢᠨ ᠢᠳᠡᠪᠬᠢᠲᠡᠢ ᠪᠠᠷ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠢ ᠪᠡᠯᠡᠳᠬᠡᠵᠦ᠂ ᠭᠠᠵᠠᠷ ᠤᠷᠪᠠᠭᠤᠯᠤᠨ ᠪᠣᠷᠳᠣᠭᠤᠷ ᠣᠷᠣᠭᠤᠯᠤᠨ᠎ᠠ ᠁ ᠠᠮᠢᠵᠢᠷᠠᠯ ᠤᠨ ᠬᠦᠴᠦᠨ ᠢᠶᠠᠷ ᠪᠢᠯᠬᠠᠭᠰᠡᠨ ᠵᠢᠷᠤᠭ ᠶᠠᠭ ᠴᠢᠩ ᠱᠦᠢ ᠾᠧ ᠶᠢᠨ ᠥᠷᠭᠡᠨ ᠠᠭᠤᠳᠠᠮ ᠨᠤᠲᠤᠭ ᠳᠡᠪᠢᠰᠬᠡᠷ ᠳᠡᠭᠡᠷ᠎ᠡ ᠠᠯᠭᠤᠷᠬᠠᠨ ᠳᠡᠯᠭᠡᠭᠳᠡᠵᠦ ᠪᠠᠶᠢᠨ᠎ᠠ᠃
     ᠴᠠᠭ ᠲᠤᠬᠠᠢ ᠳᠤᠨᠢ ᠭᠠᠵᠠᠷ ᠢ ᠤᠷᠪᠠᠭᠤᠯᠵᠤ ᠬᠥᠷᠥᠰᠥ ᠶᠢ ᠰᠤᠯᠠᠷᠠᠭᠤᠯᠪᠠᠯ ᠦᠷ᠎ᠡ ᠶᠢᠨ ᠰᠣᠶᠣᠭᠠᠯᠠᠬᠤ ᠳᠤ ᠬᠡᠷᠡᠭᠰᠡᠬᠦ ᠤᠰᠤ᠂ ᠲᠣᠬᠢᠷᠠᠮᠵᠢᠲᠠᠢ ᠳᠤᠯᠠᠭᠠᠨ ᠤ ᠬᠡᠮᠵᠢᠶ᠎ᠡ ᠪᠠ ᠭᠦᠢᠴᠡᠳ ᠠᠭᠠᠷ ᠢ ᠬᠠᠩᠭᠠᠵᠤ ᠴᠢᠳᠠᠨ᠎ᠠ᠂ ᠭᠠᠵᠠᠷ ᠳᠡᠭᠡᠷ᠎ᠡ ᠬᠢ ᠬᠥᠷᠥᠰᠥ ᠰᠢᠷᠣᠢ ᠶᠢ ᠴᠠᠭ ᠲᠤᠬᠠᠢ ᠳᠤᠨᠢ ᠤᠷᠪᠠᠭᠤᠯᠵᠤ ᠬᠥᠷᠥᠰᠥ ᠶᠢ ᠰᠤᠯᠠᠷᠠᠭᠤᠯᠪᠠᠯ ᠦᠷ᠎ᠡ ᠰᠣᠶᠣᠭᠠᠯᠠᠬᠤ ᠶᠢᠨ ᠰᠢᠮ᠎ᠡ ᠲᠡᠵᠢᠭᠡᠯ ᠢ ᠪᠠᠲᠤᠯᠠᠵᠤ ᠴᠢᠳᠠᠨ᠎ᠠ᠃ ᠡᠶᠢᠮᠦ ᠠᠴᠠ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠳᠤ ᠨᠠᠷᠬᠠᠳᠠᠬᠤ᠂ ᠭᠠᠵᠠᠷ ᠤᠷᠪᠠᠭᠤᠯᠬᠤ ᠪᠠ ᠪᠣᠷᠳᠣᠭᠤᠷ ᠣᠷᠣᠭᠤᠯᠬᠤ ᠵᠡᠷᠭᠡ ᠠᠵᠢᠯ ᠤᠨ ᠳᠠᠷᠠᠭᠠᠯᠠᠯ ᠢ ᠨᠢᠭᠡ ᠯᠡ ᠠᠳᠠᠯᠢ ᠪᠠᠷ ᠪᠠᠭᠠᠰᠬᠠᠵᠤ ᠪᠣᠯᠬᠤ ᠦᠭᠡᠢ᠃ ᠴᠢᠩ ᠱᠦᠢ ᠾᠧ ᠰᠢᠶᠠᠨ ᠤ ᠬᠤᠩ ᠾᠧ ᠪᠠᠯᠭᠠᠰᠤᠨ ᠤ ᠲᠠᠷᠢᠶᠠᠨ ᠭᠠᠵᠠᠷ ᠲᠤ᠂ ᠨᠢᠭᠡ ᠡᠪᠦᠯ ᠨᠣᠶᠢᠷᠰᠤᠭᠠᠳ ᠪᠠᠶᠢᠭᠰᠠᠨ ᠭᠠᠵᠠᠷ ᠰᠢᠷᠣᠢ ᠰᠡᠷᠭᠦᠵᠦ᠂ ᠬᠢᠮᠢ ᠶᠢᠨ ᠪᠣᠷᠳᠣᠭᠤᠷ ᠵᠥᠭᠡᠭᠡᠪᠦᠷᠢᠯᠡᠳᠡᠭ ᠵᠢᠵᠢᠭ ᠮᠠᠰᠢᠨ ᠲᠡᠷᠭᠡ᠂ ᠲᠠᠷᠢᠶᠠᠯᠠᠩ ᠳᠤ ᠪᠣᠷᠳᠣᠭᠤᠷ ᠣᠷᠣᠭᠤᠯᠬᠤ ᠮᠠᠰᠢᠨ ᠲᠡᠷᠭᠡ ᠲᠠᠷᠢᠶᠠᠨ ᠳᠤᠮᠳᠠ ᠨᠠᠰᠢ ᠴᠠᠰᠢ ᠰᠦᠯᠵᠢᠯᠳᠦᠵᠦ ᠪᠠᠶᠢᠯ᠎ᠠ᠃ ᠭᠠᠵᠠᠷ ᠰᠢᠷᠣᠢ ᠶᠢ ᠲᠡᠭᠰᠢᠯᠡᠵᠦ᠂ ᠭᠠᠵᠠᠷ ᠤᠷᠪᠠᠭᠤᠯᠤᠨ ᠪᠣᠷᠳᠣᠭᠤᠷ ᠣᠷᠣᠭᠤᠯᠬᠤ ᠨᠢ ᠲᠠᠷᠢᠶᠠᠯᠠᠩ ᠤᠨ ᠮᠠᠰᠢᠨ ᠤ ᠬᠦᠩᠭᠢᠨᠡᠮ᠎ᠡ ᠲᠠᠭᠤᠨ ᠤ ᠳᠤᠮᠳᠠ᠂ ᠵᠥᠭᠡᠯᠡᠨ ᠵᠥᠭᠡᠯᠡᠨ ᠨᠠᠷᠢᠯᠢᠭ ᠬᠥᠷᠥᠰᠥ ᠰᠢᠷᠣᠢ ᠨᠢ ᠰᠢᠨ᠎ᠡ ᠨᠢᠭᠡᠨ ᠤᠯᠠᠷᠢᠯ ᠤᠨ ᠬᠦᠷᠴᠦ ᠢᠷᠡᠭᠰᠡᠨ ᠢ ᠲᠤᠩᠬᠠᠭᠯᠠᠵᠤ᠂ ᠠᠮᠢᠵᠢᠷᠠᠯ ᠤᠨ ᠬᠦᠴᠦᠨ ᠢᠶᠠᠷ ᠪᠢᠯᠬᠠᠮ᠎ᠠ ᠪᠠᠶᠢᠳᠠᠯ ᠢ ᠬᠠᠷᠠᠭᠤᠯᠪᠠ᠃
     ᠬᠠᠪᠤᠷ ᠤᠨ ᠦᠵᠡᠮᠵᠢ ᠶᠠᠭ ᠰᠠᠶᠢᠬᠠᠨ ᠪᠣᠯᠵᠤ᠂ ᠴᠢᠩ ᠱᠦᠢ ᠾᠧ ᠰᠢᠶᠠᠨ ᠤ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠬᠥᠭᠵᠢᠶᠡᠨ ᠲᠠᠢ ᠶᠠᠪᠤᠭᠳᠠᠵᠤ ᠪᠠᠶᠢᠭ᠎ᠠ ᠬᠤᠯᠪᠣᠭᠳᠠᠯ ᠪᠦᠬᠦᠢ ᠭᠡᠷᠡᠯ ᠵᠢᠷᠤᠭ ᠢ ᠬᠠᠪᠤᠷ ᠤᠨ ᠤᠯᠠᠷᠢᠯ ᠳᠤ ᠨᠢᠭᠡ ᠮᠥᠬᠦᠯᠢᠭ ᠨᠠᠷᠢᠮᠤ ᠳᠠᠷᠢᠵᠤ᠂ ᠨᠠᠮᠤᠷ ᠤᠨ ᠬᠤᠷᠢᠶᠠᠯᠲᠠ ᠳᠤ ᠲᠦᠮᠡᠨ ᠮᠥᠬᠦᠯᠢᠭ ᠠᠮᠤ ᠬᠤᠷᠢᠶᠠᠨ᠎ᠠ᠃ ᠴᠢᠩ ᠱᠦᠢ ᠾᠧ ᠰᠢᠶᠠᠨ ᠤ ᠬᠤᠩ ᠾᠧ ᠪᠠᠯᠭᠠᠰᠤ ᠶᠢᠨ ᠲᠠᠷᠢᠶᠠᠨ ᠭᠠᠵᠠᠷ ᠲᠤ᠂︽ᠢᠳᠡᠰᠢᠨ ᠨᠣᠭᠤᠭ᠎ᠠ︾ ᠶᠢᠨ ᠤᠨᠠᠯᠲᠠ ᠶᠢ ᠲᠣᠭᠲᠠᠪᠤᠷᠢᠵᠢᠭᠤᠯᠵᠤ ᠬᠠᠩᠭᠠᠯᠭ᠎ᠠ ᠶᠢ ᠪᠠᠲᠤᠯᠠᠬᠤ ᠵᠡᠷᠭᠡ ᠠᠵᠢᠯ ᠶᠠᠭ ᠡᠮᠬᠢ ᠳᠢᠭᠯᠢᠮ ᠲᠠᠢ ᠶᠠᠪᠤᠭᠳᠠᠵᠤ ᠪᠤᠢ᠂ ᠡᠨᠡᠬᠦ ᠪᠠᠶᠢᠳᠠᠯ ᠨᠢ ᠴᠢᠩ ᠱᠦᠢ ᠾᠧ ᠰᠢᠶᠠᠨ ᠤ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠳᠤ ᠶᠠᠭᠠᠷᠠᠭᠰᠠᠨ ᠤ ᠬᠤᠷᠢᠶᠠᠩᠭᠤᠢ ᠳᠦᠷᠰᠦ ᠲᠡᠳᠦᠢ ᠶᠤᠮ᠃ ᠴᠢᠩ ᠱᠦᠢ ᠾᠧ ᠰᠢᠶᠠᠨ ᠤ ᠬᠢᠨ ᠢᠲᠡᠭᠡᠯ ᠵᠣᠷᠢᠭ ᠢᠶᠠᠨ ᠨᠡᠩ ᠪᠠᠲᠤᠳᠬᠠᠵᠤ᠂ ᠴᠠᠭ ᠦᠶ᠎ᠡ ᠶᠢ ᠠᠮᠵᠢᠵᠤ᠂ ᠡᠷᠴᠢ ᠵᠣᠷᠢᠭ ᠢᠶᠠᠨ ᠬᠥᠪᠴᠢᠯᠡᠵᠦ᠂ ᠲᠠᠷᠢᠶᠠᠯᠠᠩ ᠤᠨ ᠮᠡᠷᠭᠡᠵᠢᠯ ᠤᠨ ᠪᠣᠯᠪᠠᠰᠤᠷᠠᠯ ᠢ ᠴᠢᠩᠭᠠᠳᠬᠠᠵᠤ᠂ ᠲᠠᠷᠢᠶᠠᠨ ᠭᠠᠵᠠᠷ ᠤᠨ ᠬᠠᠮᠢᠶᠠᠷᠤᠯᠲᠠ ᠬᠠᠮᠠᠭᠠᠯᠠᠯᠲᠠ ᠶᠢ ᠴᠢᠩᠭᠠᠳᠬᠠᠵᠤ᠂ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠳᠠᠷᠤᠪᠴᠢ ᠶᠢ ᠡᠷᠲᠡᠬᠡᠨ ᠳᠠᠷᠤᠵᠤ᠂ ᠪᠦᠬᠦ ᠰᠢᠶᠠᠨ ᠤ ᠠᠮᠤ ᠪᠤᠳᠠᠭᠠᠨ ᠤ ᠤᠨᠠᠯᠲᠠ ᠶᠢ ᠲᠣᠭᠲᠠᠪᠤᠷᠢᠵᠢᠭᠤᠯᠵᠤ ᠣᠷᠣᠯᠭ᠎ᠠ ᠶᠢ ᠨᠡᠮᠡᠭᠳᠡᠭᠦᠯᠬᠦ ᠳᠤ ᠪᠠᠲᠤ ᠪᠠᠬᠢ ᠰᠠᠭᠤᠷᠢ ᠶᠢ ᠲᠠᠯᠪᠢᠵᠤ ᠥᠭᠭᠦᠨ᠎ᠡ᠃
 
ᠢᠷᠡᠯᠲᠡ᠄ ᠴᠢᠩ ᠱᠦᠢ ᠾᠧ ᠰᠢᠶᠠᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11002890号-1