16 ᠤ ᠡᠳᠤᠷ᠂ ᠬᠥᠬᠡᠬᠤᠲᠠ ᠶᠢᠨ ᠴᠢᠩ ᠱᠦᠢ ᠡᠾᠧ ᠶᠢᠨ ᠦᠭᠡᠷᠲᠤ ᠲᠣᠬᠤᠢ ᠨᠢᠰᠭᠡᠯ ᠤᠨ | ᠪᠠᠭᠤᠳᠠᠯ ᠠᠴᠠ ᠬᠥᠬᠡᠬᠤᠲᠠ ᠶᠢᠨ ᠴᠠᠭᠠᠨ ᠰᠤᠪᠤᠷᠭ᠎ᠠ ᠤᠯᠠᠨ ᠤᠯᠤᠰ ᠤᠨ ᠨᠢᠰᠭᠡᠯ ᠤᠨ ᠪᠠᠭᠤᠳᠠᠯ ᠳᠤ ᠬᠦᠷᠬᠦ | ᠵᠢᠭᠤᠯᠴᠢᠯᠡᠯ ᠤᠨ ᠡᠭᠡᠯᠵᠢ ᠶᠢᠨ ᠨᠢᠰᠭᠡᠯ ᠨᠡᠪᠲᠡᠷᠠᠵᠠᠢ᠂ ᠠᠶᠠᠯᠠᠯ ᠤᠨ ᠬᠤᠭᠤᠴᠠᠭ᠎ᠠ ᠨᠢ ᠵᠥᠪᠬᠡᠨ 30 ᠮᠢᠨᠦ᠋ᠲ | ᠪᠠᠶᠢᠵᠤ᠂ ᠠᠩᠬᠠᠨ ᠤ ᠠᠶᠠᠯᠠᠯ ᠤᠨ ᠬᠤᠭᠤᠴᠠᠭᠠᠨ ᠳᠤ ᠣᠨᠴᠠ ᠬᠠᠷᠠᠭᠠᠯᠵᠠᠯᠲᠤ ᠨᠢᠰᠭᠡᠯ ᠤᠨ ᠪᠢᠯᠧᠲ ᠢ 189 | ᠲᠥᠭᠦᠷᠢᠭ ᠠᠴᠠ ᠡᠬᠢᠯᠡᠨ ᠬᠤᠳᠠᠯᠳᠤᠨ᠎ᠠ᠃ | ᠲᠣᠰ ᠠᠶᠠᠯᠠᠯ ᠤᠨ ᠱᠣᠭᠤᠮ ᠨᠢ ᠭᠠᠷᠠᠭ ᠪᠦᠷᠢ 4 ᠡᠭᠡᠯᠵᠢ ︵ᠭᠠᠷᠠᠭ ᠤᠨ ᠨᠢᠭᠡᠨ᠂ ᠭᠤᠷᠪᠠᠨ᠂ ᠲᠠᠪᠤᠨ᠂ | ᠡᠳᠤᠷ︶ ᠳᠣᠬᠢᠷᠠᠭᠤᠯᠵᠤ᠂ ᠬᠥᠬᠡᠬᠤᠲᠠ ᠶᠢᠨ ᠴᠠᠭᠠᠨ ᠰᠤᠪᠤᠷᠭ᠎ᠠ ᠤᠯᠠᠨ ᠤᠯᠤᠰ ᠤᠨ ᠨᠢᠰᠭᠡᠯ ᠤᠨ ᠪᠠᠭᠤᠳᠠᠯ ᠠᠴᠠ | 09᠄ 15᠂ ᠦᠭᠡᠷᠲᠤ ᠲᠣᠬᠤᠢ ᠨᠢᠰᠭᠡᠯ ᠤᠨ ᠪᠠᠭᠤᠳᠠᠯ ᠠᠴᠠ 10᠄ 15 ᠲᠤ ᠨᠢᠰᠤᠨ᠎ᠠ᠃ ᠤᠤᠯ ᠤᠨ ᠮᠠᠰᠢᠨ | ᠲᠡᠷᠭᠡ ᠪᠠᠷ 3 ᠴᠠᠭ ᠠᠶᠠᠯᠠᠵᠤ ᠪᠠᠶᠢᠭᠰᠠᠨ ᠲᠠᠢ ᠬᠠᠷᠢᠴᠠᠭᠤᠯᠪᠠᠯ᠂ ᠠᠭᠠᠷ ᠤᠨ ᠲᠡᠭᠡᠭᠡᠪᠦᠷᠢ ᠶᠢᠨ ᠦᠷ᠎ᠡ ᠪᠦᠲᠣᠮᠵᠢ | ᠨᠢ 6 ᠳᠠᠬᠢᠨ ᠳᠡᠭᠡᠭᠰᠢᠯᠡᠵᠡᠢ᠃ | ᠵᠢᠱᠢᠯᠲᠡ ᠪᠠᠷ᠂ 6 ᠰᠠᠷ᠎ᠠ ᠳᠤ ᠦᠬᠡᠷᠲᠦ ᠲᠣᠬᠤᠢ ᠨᠢᠰᠬᠡᠯ ᠤᠨ ᠪᠠᠭᠤᠳᠠᠯ ᠨᠢ ᠪᠤᠭᠤᠲᠤ᠂ ᠣᠷᠳᠣᠰ ᠬᠦᠷᠬᠦ | ᠣᠶᠢᠷ᠎ᠡ ᠵᠠᠢ ᠶᠢᠨ ᠡᠭᠡᠯᠵᠢ ᠶᠢᠨ ᠨᠢᠰᠭᠡᠯ ᠢ ᠨᠡᠪᠳᠡᠷᠡᠭᠦᠯᠬᠦ ᠪᠣᠯᠣᠨ᠎ᠠ᠃ ᠲᠤᠬᠠᠢ ᠶᠢᠨ ᠦᠶ᠎ᠡ ᠳᠤ ᠴᠢᠩ ᠱᠦᠢ ᠡᠾᠧ | ᠰᠢᠶᠠᠨ ︽ᠤᠰᠤ ᠬᠠᠭᠤᠷᠠᠢ ᠠᠭᠠᠷ ᠲᠡᠮᠤᠷ︾ ᠤᠨ ᠪᠣᠰᠤᠭ᠎ᠠ ᠴᠣᠭᠴᠠᠲᠤ ᠵᠠᠮ ᠬᠠᠷᠢᠯᠴᠠᠭᠠᠨ ᠤ ᠲᠣᠣᠷ ᠢ | ᠪᠦᠷᠢᠯᠳᠦᠭᠦᠯᠬᠦ ᠪᠣᠯᠣᠨ᠎ᠠ᠃ | |