ᠴᠠᠭᠠᠰᠤᠨ ᠰᠢᠪᠠᠭᠤ ᠨᠢᠰᠬᠡᠬᠦ ᠨᠢ ᠬᠦᠵᠦᠭᠦᠨ ᠶᠠᠰᠤᠨ ᠤ ᠡᠪᠡᠳᠴᠢᠨ ᠢ ᠵᠠᠰᠠᠵᠤ ᠳᠡᠶᠢᠯᠦᠨ᠎ᠡ ᠤᠤ︖
ᠨᠡᠶᠢᠲᠡᠯᠡᠭᠰᠡᠨ ᠴᠠᠭ᠄
2025/6/20
     ᠵᠤᠨ ᠣᠷᠣᠬᠤ ᠶᠢ ᠳᠠᠭᠠᠯᠳᠤᠨ ᠮᠠᠰᠢ ᠣᠯᠠᠨ ᠬᠥᠮᠥᠰ ᠭᠠᠳᠠᠭ᠎ᠠ ᠬᠥᠳᠡᠯᠭᠡᠭᠡᠨ ᠬᠢᠵᠦ ᠡᠬᠢᠯᠡᠯ᠎ᠡ᠃ ᠡᠭᠦᠨ ᠳᠤ ᠨᠢᠭᠡ ᠵᠦᠢᠯ ᠤᠨ ᠬᠥᠳᠡᠯᠭᠡᠭᠡᠨ ᠨᠢ ᠬᠥᠩᠭᠡᠨ ᠳᠤᠮᠳᠠ ᠵᠡᠷᠭᠡ ᠶᠢᠨ ᠬᠦᠵᠦᠭᠦᠨ ᠶᠠᠰᠤᠨ ᠤ ᠡᠪᠡᠳᠴᠢᠲᠡᠨ ᠳᠤ ᠮᠠᠰᠢ ᠲᠣᠬᠢᠷᠠᠨ᠎ᠠ᠂ ᠡᠨᠡ ᠨᠢ ᠳᠠᠷᠤᠢ ᠲᠠ ᠨᠠᠷ ᠤᠨ ᠰᠠᠶᠢᠨ ᠮᠡᠳᠡᠳᠡᠭ ᠴᠠᠭᠠᠰᠤᠨ ᠰᠢᠪᠠᠭᠤ ᠨᠢᠰᠬᠡᠬᠦ ᠬᠥᠳᠡᠯᠭᠡᠭᠡᠨ   ᠪᠣᠯᠣᠨ᠎ᠠ᠃     ᠴᠠᠭᠠᠰᠤᠨ ᠰᠢᠪᠠᠭᠤ ᠨᠢᠰᠬᠡᠬᠦ ᠨᠢ ᠬᠦᠵᠦᠭᠦᠨ ᠶᠠᠰᠤᠨ ᠤ ᠡᠪᠡᠳᠴᠢᠨ ᠢ ᠦᠨᠡᠬᠡᠷ ᠵᠠᠰᠠᠵᠤ ᠲᠠᠶᠢᠯᠤᠨ᠎ᠠ ᠭᠡᠵᠦ ᠤᠤ︖ ᠶᠠᠷᠢᠶᠠᠨ ᠦᠭᠡᠢ ᠦᠨᠡᠨ ᠠ᠋᠂ ᠡᠮᠴᠢ ᠠᠴᠠ ᠡᠭᠦᠨ ᠤ ᠲᠤᠬᠠᠢ ᠨᠠᠷᠢᠯᠢᠭ ᠲᠠᠶᠢᠯᠪᠤᠷᠢᠯᠠᠯ ᠬᠢᠭᠰᠡᠨ ᠪᠠᠶᠢᠨ᠎ᠠ᠃     ᠣᠳᠣᠬᠢ ᠨᠡᠶᠢᠭᠡᠮ ᠳᠤ ᠡᠯ᠎ᠡ ᠵᠦᠢᠯ ᠤᠨ ᠡᠪᠡᠳᠴᠢᠨ ᠳᠤ ᠨᠡᠷᠪᠡᠭᠳᠡᠵᠦ ᠪᠠᠶᠢᠭ᠎ᠠ ᠵᠠᠯᠠᠭᠤᠴᠤᠳ ᠤᠯᠠᠮ ᠠᠴᠠ ᠤᠯᠠᠠ ᠪᠣᠯᠵᠤ᠂ ᠢᠯᠠᠩᠭᠤᠶ᠎ᠠ ᠬᠦᠵᠦᠭᠦᠨ ᠶᠠᠰᠤᠨ ᠤ ᠡᠪᠡᠳᠴᠢᠨ ᠵᠠᠯᠠᠭᠤᠴᠤᠳ ᠢ ᠰᠢᠨᠠᠯᠭᠠᠵᠤ ᠪᠤᠢ᠃ 20 ᠭᠠᠷᠤᠢ ᠨᠠᠰᠤᠲᠠᠢ ᠵᠠᠯᠠᠭᠤᠴᠤᠳ ᠬᠠᠷᠢᠨ 50 ᠭᠠᠷᠤᠢ ᠨᠠᠰᠤᠲᠠᠢ ᠬᠥᠮᠥᠨ ᠤ ᠬᠦᠵᠦᠭᠦᠨ ᠶᠠᠰᠤ ᠲᠠᠢ ᠪᠠᠶᠢᠳᠠᠭ ᠨᠢ ᠴᠣᠬᠤᠮ ᠶᠠᠮᠠᠷ ᠤᠴᠢᠷ ᠲᠠᠢ ᠪᠣᠯ︖ ᠲᠡᠭᠡᠪᠡᠯ ᠪᠢᠳᠡ ᠡᠩ ᠲᠡᠷᠢᠭᠦᠨ ᠳᠤ ᠠᠷᠤᠭ ᠶᠠᠰᠤᠨ ᠤ ᠪᠦᠲᠦᠴᠡ ᠠᠴᠠ ᠡᠬᠢᠯᠡᠵᠦ ᠶᠠᠷᠢᠬᠤ ᠴᠢᠬᠤᠯᠠᠲᠠᠢ᠃ ᠬᠥᠮᠥᠨ ᠤ ᠪᠡᠶ᠎ᠡ ᠶᠢᠨ ᠬᠦᠵᠦᠭᠦᠨ ᠤ ᠶᠠᠰᠤ᠂ ᠴᠡᠭᠡᠵᠢ ᠰᠡᠭᠡᠷ ᠤᠨ ᠶᠠᠰᠤ᠂ ᠨᠢᠷᠤᠭᠤᠨ ᠤ ᠶᠠᠰᠤ᠂ ᠤᠭᠤᠴᠠᠨ ᠤ ᠰᠡᠭᠡᠷ ᠨᠢ ᠡᠮᠦᠨᠡᠰᠢ᠂ ᠬᠤᠶᠢᠰᠢ᠂ ᠡᠮᠦᠨᠡᠰᠢ᠂ ᠬᠤᠶᠢᠰᠢ ᠶᠢᠨ ᠪᠠᠶᠢᠭᠠᠯᠢᠯᠢᠭ ᠮᠤᠷᠤᠶᠢᠴᠠ ᠲᠠᠢ ᠪᠠᠶᠢᠵᠤ᠂ ᠶᠡᠭᠡ ᠲᠥᠯᠥᠪ ᠲᠡᠭᠡᠨ ︽S︾ ᠭᠡᠯᠪᠡᠷᠢ ᠲᠠᠢ᠂ ᠡᠮᠨᠡᠯᠭᠡ ᠶᠢᠨ ᠤᠬᠠᠭᠠᠨ ᠳᠡᠭᠡᠷ᠎ᠡ ︽ᠹᠢᠽᠢᠣᠯᠣᠭᠢ ᠶᠢᠨ ᠮᠤᠷᠤᠶᠢᠴᠠ︾ ᠬᠡᠮᠡᠭᠳᠡᠵᠦ᠂ ᠮᠥᠷᠭᠦᠵᠦ ᠲᠠᠭᠠᠷᠢᠬᠤ ᠳᠤ ᠬᠦᠴᠦ ᠶᠢ ᠨᠢ ᠪᠠᠭᠠᠰᠬᠠᠬᠤ᠂ ᠪᠤᠯᠴᠢᠩ ᠤᠨ ᠲᠡᠩᠴᠡᠭᠦᠷᠢ  ᠶᠢ ᠪᠠᠲᠤᠯᠠᠬᠤ᠂ ᠪᠡᠶ᠎ᠡ ᠶᠢᠨ ᠲᠡᠩᠴᠡᠭᠦᠷᠢᠲᠦ ᠴᠢᠨᠠᠷ ᠪᠣᠯᠣᠨ ᠪᠣᠰᠤᠭ᠎ᠠ ᠳᠦᠷᠢ ᠪᠠᠶᠢᠳᠠᠯ ᠵᠡᠷᠭᠡ ᠶᠢ ᠪᠠᠲᠤᠯᠠᠨ ᠬᠠᠮᠠᠭᠠᠯᠠᠬᠤ ᠳᠤ ᠮᠠᠰᠢ ᠴᠢᠬᠤᠯᠠ ᠦᠢᠯᠡᠳᠦᠯ ᠦᠵᠡᠭᠦᠯᠵᠦ ᠪᠠᠶᠢᠳᠠᠭ᠃     ᠣᠳᠣ ᠦᠶ᠎ᠡ ᠶᠢᠨ ᠨᠡᠶᠢᠭᠡᠮ ᠠᠮᠢᠳᠤᠷᠠᠯ ᠤᠨ ᠬᠤᠷᠳᠤᠴᠠ ᠮᠠᠰᠢ ᠲᠦᠷᠭᠡᠨ ᠪᠤᠯᠬᠤ ᠶᠢ ᠳᠠᠭᠠᠯᠳᠤᠨ ᠣᠯᠠᠩᠬᠢ ᠬᠥᠮᠥᠰ ᠺᠤᠮᠫᠢᠦ᠋ᠲ᠋ᠧᠷ᠂ ᠭᠠᠷ ᠤᠲᠠᠰᠤ᠂ ᠲᠧᠯᠸᠢᠰ ᠦᠵᠡᠬᠦ ᠵᠢᠴᠢ ᠺᠤᠮᠫᠢᠦ᠋ᠲ᠋ᠧᠷ ᠪᠣᠯᠣᠨ ᠭᠠᠷ ᠤᠲᠠᠰᠤ ᠶᠢᠨ ᠳᠠᠷᠤᠪᠴᠢ ᠵᠡᠷᠭᠡ ᠶᠢ ᠤᠷᠲᠤ ᠬᠤᠭᠤᠴᠠᠭ᠎ᠠ ᠪᠠᠷ ᠬᠡᠷᠡᠭᠯᠡᠬᠦ ᠪᠣᠯᠪᠠ᠂ ᠡᠶᠢᠮᠦᠷᠬᠦᠦ ᠲᠣᠯᠣᠭᠠᠢ ᠪᠠᠨ ᠤᠬᠤᠶᠢᠵᠤ ᠨᠢᠷᠤᠭᠤ ᠪᠠᠨ ᠪᠥᠭᠲᠥᠶᠢᠯᠭᠡᠭᠰᠡᠨ ᠬᠡᠪ ᠤᠨ ᠪᠤᠰᠤ ᠳᠦᠷᠢ ᠪᠠᠶᠢᠳᠠᠯ ᠨᠢ ᠬᠦᠵᠦᠭᠦᠨ ᠤ ᠶᠠᠰᠤ ᠶᠢᠨ ᠶᠡᠷᠦ ᠶᠢᠨ ᠭᠦᠳᠦᠶᠢᠬᠦ ᠬᠡᠰᠡᠭ ᠤᠨ ᠹᠢᠽᠢᠣᠯᠣᠭᠢ ᠶᠢᠨ ᠮᠤᠷᠤᠶᠢᠴᠠ ᠶᠢ ᠵᠥᠷᠢᠴᠡᠭᠰᠡᠨ ᠪᠠᠶᠢᠨ᠎ᠠ᠃     ᠤᠳᠠᠭᠠᠨ ᠳᠠᠭᠠᠨ ᠬᠦᠵᠦᠭᠦᠦ ᠶᠢᠨ ᠡᠷᠭᠢᠨ ᠲᠣᠭᠤᠷᠢᠨ ᠳᠠᠬᠢ ᠵᠥᠭᠡᠯᠡᠨ ᠨᠡᠬᠡᠳᠡᠰᠦ ᠭᠡᠮᠲᠦᠬᠦ᠂ ᠬᠦᠵᠦᠭᠦᠦ  ᠶᠢᠨ ᠮᠤᠷᠤᠶᠢᠴᠠ ᠶᠢᠨ ᠬᠡᠮᠵᠢᠶ᠎ᠡ ᠠᠰᠬᠠᠨ ᠪᠤᠯᠬᠤ᠂ ᠴᠢᠨᠠᠭᠰᠢᠯᠠᠪᠠᠯ ᠳᠣᠲᠣᠭᠰᠢ ᠬᠤᠲᠣᠶᠢᠬᠤ᠂ ᠬᠦᠵᠦᠭᠦᠨ ᠤ ᠶᠠᠰᠤ  ᠶᠢᠨ ᠡᠳ᠋ ᠤᠷᠭᠤᠬᠤ᠂ ᠬᠦᠵᠦᠭᠦᠨ ᠤ ᠶᠠᠰᠤᠨ ᠤ ᠵᠠᠪᠰᠠᠷ ᠤᠨ ᠲᠠᠪᠠᠭ ᠭᠦᠳᠦᠶᠢᠬᠦ ᠵᠡᠷᠭᠡ ᠠᠰᠠᠭᠤᠳᠠᠯ ᠭᠠᠷᠤᠨ᠎ᠠ᠃ ᠡᠨᠡ ᠨᠢ ᠳᠠᠷᠤᠢ ᠮᠠᠰᠢ ᠣᠯᠠᠨ ᠬᠥᠮᠥᠨ ᠬᠦᠵᠦᠭᠦᠨ ᠶᠠᠰᠤᠨ ᠤ ᠡᠪᠡᠳᠴᠢᠨ ᠳᠤ ᠨᠡᠷᠪᠡᠭᠳᠡᠵᠦ ᠪᠠᠶᠢᠭ᠎ᠠ ᠶᠢᠨ ᠰᠢᠯᠲᠠᠭᠠᠨ ᠪᠣᠯᠣᠨ᠎ᠠ᠃     ᠪᠢᠳᠠ ᠬᠦᠵᠦᠭᠦᠨ ᠤ ᠶᠠᠰᠤ ᠡᠪᠡᠳᠬᠦ ᠶᠢ ᠣᠮᠲᠣᠭᠠᠶᠢᠯᠠᠵᠤ ᠪᠤᠯᠬᠤ ᠦᠭᠡᠢ᠃ ᠬᠦᠵᠦᠭᠦᠨ ᠶᠠᠰᠤᠨ ᠤ ᠡᠪᠡᠳᠴᠢᠨ ᠤ ᠡᠬᠢᠨ ᠤ ᠬᠤᠭᠤᠴᠠᠭᠠᠨ ᠳᠤ ᠣᠯᠠᠩᠬᠢ ᠬᠥᠮᠥᠰ ᠤᠨ ᠬᠦᠵᠦᠭᠦᠦ ᠬᠥᠰᠢᠵᠦ᠂ ᠴᠢᠨᠦᠵᠦ ᠱᠠᠷᠬᠢᠷᠠᠬᠤ ᠵᠡᠷᠭᠡ ᠬᠥᠩᠭᠡᠨ ᠡᠪᠡᠳᠴᠢᠨ ᠤ ᠪᠠᠶᠢᠳᠠᠯ ᠢᠯᠡᠷᠡᠬᠦ ᠳᠤ᠂ ᠴᠠᠭ ᠲᠤᠬᠠᠢ ᠳᠤᠨᠢ ᠬᠡᠪ ᠤᠨ ᠪᠤᠰᠤ ᠰᠠᠭᠤᠵᠤ ᠬᠡᠪᠲᠡᠬᠦ ᠳᠦᠷᠢ ᠪᠠᠶᠢᠳᠠᠯ ᠢᠶᠠᠨ ᠵᠠᠯᠠᠷᠠᠭᠤᠯᠵᠤ᠂ ᠭᠦᠢᠴᠡᠳ ᠠᠮᠠᠷᠠᠭᠰᠠᠭᠠᠷ ᠠᠭᠠᠵᠢᠮ ᠢᠶᠠᠷ ᠰᠠᠶᠢᠨ ᠪᠣᠯᠴᠢᠬᠠᠨ᠎ᠠ᠃ ᠬᠡᠷᠪᠡ ᠪᠡᠶ᠎ᠡ ᠳᠤ ᠴᠢᠨᠢ ᠥᠭᠬᠦ ᠰᠡᠷᠡᠮᠵᠢ ᠶᠢᠨ ᠳᠣᠬᠢᠶ᠎ᠠ ᠶᠢ ᠣᠮᠲᠣᠭᠠᠶᠢᠯᠠᠵᠤ᠂ ᠬᠦᠵᠦᠭᠦᠨ ᠤ ᠶᠠᠰᠤ ᠶᠢ ᠦᠷᠭᠦᠯᠵᠢᠯᠡᠨ ᠭᠡᠮᠲᠦᠭᠡᠬᠦ ᠠᠵᠢᠯᠯᠠᠭ᠎ᠠ ᠶᠢ ᠬᠠᠶᠢᠬᠤᠷᠬᠤ ᠦᠭᠡᠢ ᠪᠠᠷ ᠬᠢᠪᠡᠯ ᠡᠪᠡᠳᠴᠢᠨ ᠤ ᠪᠠᠶᠢᠳᠠᠯ ᠠᠭᠠᠵᠢᠮ ᠢᠶᠠᠷ ᠬᠦᠨᠳᠦᠷᠡᠳᠡᠭ᠃ ᠬᠦᠵᠦᠭᠦᠦ ᠮᠥᠷᠥ᠂ ᠲᠣᠯᠣᠭᠠᠢ ᠶᠢᠨ ᠬᠡᠰᠡᠭ ᠢᠶᠠᠷ ᠤᠯᠠᠮ ᠡᠪᠡᠳᠬᠦ ᠪᠣᠯᠵᠤ᠂ ᠴᠢᠨᠠᠭᠰᠢᠯᠠᠨ ᠭᠠᠷ ᠡᠪᠡᠳᠴᠦ ᠮᠢᠨᠴᠦᠭᠦᠷᠡᠬᠦ᠂ ᠲᠣᠯᠣᠭᠠᠢ ᠡᠷᠭᠢᠵᠦ ᠳᠣᠲᠣᠷ ᠮᠠᠭᠤᠬᠠᠶᠢᠷᠠᠬᠤ᠂ ᠵᠢᠷᠦᠬᠡ ᠳᠡᠯᠡᠰᠴᠦ ᠬᠥᠯᠥᠰᠦ ᠭᠠᠷᠬᠤ᠂ ᠲᠡᠷᠡᠴᠢᠯᠡᠨ ᠲᠡᠭᠰᠢ ᠠᠯᠬᠤᠵᠤ ᠴᠢᠳᠠᠬᠤ ᠦᠭᠡᠢ᠂ ᠬᠥᠯ ᠭᠠᠷ ᠬᠥᠳᠡᠯᠵᠦ ᠲᠠᠶᠢᠯᠭᠦ ᠪᠠᠨ ᠪᠣᠯᠢᠵᠤ᠂ ᠬᠦᠨᠳᠦ ᠨᠣᠴᠢᠲᠠᠢ ᠡᠪᠡᠳᠴᠢᠨ ᠤ ᠪᠠᠶᠢᠳᠠᠯ ᠢᠯᠡᠷᠡᠳᠡᠭ ᠪᠠᠶᠢᠨ᠎ᠠ᠃     ᠡᠶᠢᠮᠦ ᠪᠠᠷ ᠢᠶᠠᠨ ᠴᠠᠭᠠᠰᠤᠨ ᠰᠢᠪᠠᠭᠤ ᠨᠢᠰᠬᠡᠬᠦ ᠨᠢ ᠬᠦᠵᠦᠭᠦᠨ ᠶᠠᠰᠤᠨ ᠤ ᠡᠪᠡᠳᠴᠢᠨ ᠢ ᠡᠳᠡᠭᠡᠬᠦ ᠳᠤ ᠰᠠᠶᠢᠨ  ᠲᠠᠢ ᠲᠠᠯ᠎ᠠ ᠤᠯᠠᠨ ᠪᠠᠶᠢᠳᠠᠭ᠃ ᠴᠠᠭᠠᠰᠤᠨ ᠰᠢᠪᠠᠭᠤ ᠶᠢ ᠰᠠᠶ᠋ᠢ ᠡᠬᠢᠯᠡᠨ ᠨᠢᠰᠬᠡᠬᠦ ᠳᠤ ᠪᠢᠳᠡ ᠠᠶᠠᠨᠳᠠᠭᠠᠨ ᠲᠣᠯᠣᠭᠠᠢ ᠪᠠᠨ ᠡᠷᠭᠦᠵᠦ᠂ ᠴᠠᠭᠠᠰᠤᠨ ᠰᠢᠪᠠᠭᠤᠨ ᠤ ᠬᠥᠳᠡᠯᠦᠯ ᠪᠠᠶᠢᠳᠠᠯ ᠢ ᠠᠩᠬᠠᠷᠴᠤ᠂ ᠭᠠᠷ ᠲᠠᠬᠢ ᠤᠲᠠᠰᠤ ᠪᠠᠨ ᠴᠠᠭ ᠲᠤᠬᠠᠢ ᠳᠤᠨᠢ ᠠᠮᠢᠳᠤᠯᠢᠭ ᠢᠶᠠᠷ ᠲᠣᠬᠢᠷᠠᠭᠤᠯᠤᠨ ᠥᠨᠳᠥᠷ ᠲᠤ ᠨᠢᠰᠬᠡᠬᠦ ᠶᠢ ᠪᠤᠳᠤᠳᠠᠭ᠃ ᠴᠠᠭᠠᠰᠤᠨ ᠰᠢᠪᠠᠭᠤ ᠴᠡᠩᠬᠡᠷ ᠣᠭᠲᠠᠷᠭᠤᠢ ᠳᠤ ᠯᠠᠪᠳᠠᠭᠤᠬᠠᠨ ᠨᠢᠰᠬᠦ ᠶᠢ ᠳᠠᠭᠠᠯᠳᠤᠨ ᠪᠢᠳᠡ ᠴᠤ ᠪᠠᠶᠠᠷᠯᠠᠯᠳᠤᠨ ᠲᠠᠭᠠᠵᠤ ᠭᠦᠶᠦᠨ᠎ᠡ᠂ ᠬᠤᠶᠠᠷ ᠭᠠᠷ ᠢᠶᠠᠷ ᠢᠶᠠᠨ ᠴᠠᠭᠠᠰᠤᠨ ᠰᠢᠪᠠᠭᠤ ᠨᠢᠰᠬᠡᠬᠦ ᠤᠲᠠᠰᠤ ᠶᠢ ᠴᠢᠩᠭ᠎ᠠ ᠠᠳᠬᠤᠵᠤ᠂ ᠪᠠᠶᠢᠨ ᠪᠠᠶᠢᠨ ᠲᠣᠯᠣᠭᠠᠢ ᠪᠠᠨ ᠵᠡᠭᠦᠨᠰᠢ ᠪᠠᠷᠠᠭᠤᠨᠰᠢ ᠬᠠᠷᠠᠵᠤ᠂ ᠴᠠᠭᠠᠰᠤᠨ ᠰᠢᠪᠠᠭᠤᠨ ᠤ ᠬᠠᠨᠳᠤᠰᠢ ᠶᠢ ᠠᠵᠢᠭᠯᠠᠨ᠎ᠠ᠃ ᠡᠨᠡ ᠬᠦ ᠶᠠᠪᠤᠴᠠ ᠳᠤ ᠪᠢᠳᠡ ᠲᠣᠯᠣᠭᠠᠢ ᠥᠨᠳᠡᠶᠢᠨ ᠳᠡᠭᠡᠭᠰᠢ ᠪᠠᠨ ᠬᠠᠷᠠᠬᠤ ᠪᠣᠯᠬᠤᠷ ᠡᠳᠦᠷ ᠳᠣᠳᠣᠮ ᠤᠨ ᠠᠵᠢᠯ ᠠᠮᠢᠳᠤᠷᠠᠯ ᠤᠨ ᠳᠤᠮᠳᠠ ᠤᠷᠲᠤ ᠬᠤᠭᠤᠴᠠᠭ᠎ᠠ ᠪᠠᠷ ᠲᠣᠯᠣᠭᠠᠢ ᠪᠠᠨ ᠪᠥᠬᠦᠶᠢᠬᠦ ᠪᠠᠶᠢᠳᠠᠯ ᠲᠠᠢ ᠶᠠᠭ ᠡᠰᠡᠷᠭᠦ ᠬᠥᠳᠡᠯᠭᠡᠭᠡᠨ ᠬᠢᠵᠦ᠂ ᠬᠦᠵᠦᠭᠦᠨ ᠤ ᠳᠠᠷᠤᠭᠠᠰᠤ ᠶᠢ ᠬᠥᠩᠭᠡᠷᠡᠭᠦᠯᠳᠡᠭ ᠪᠠᠶᠢᠨ᠎ᠠ᠃ ᠡᠨᠡ ᠨᠢ ᠬᠦᠵᠦᠭᠦᠦ ᠮᠥᠷᠥ ᠶᠢᠨ ᠬᠡᠰᠡᠭ ᠤᠨ ᠮᠡᠳᠡᠷᠡᠯ ᠪᠣᠯᠣᠨ ᠪᠤᠯᠴᠢᠩ ᠢᠶᠠᠨ ᠭᠦᠢᠴᠡᠳ ᠰᠤᠩᠭᠠᠨ ᠪᠡᠶ᠎ᠡ ᠪᠠᠨ ᠪᠤᠯᠪᠠᠰᠤᠷᠠᠭᠤᠯᠬᠤ᠂ ᠬᠦᠵᠦᠭᠦᠦ ᠮᠥᠷᠥ ᠶᠢᠨ ᠵᠥᠭᠡᠯᠡᠨ ᠨᠡᠬᠡᠳᠡᠰᠦ ᠬᠠᠲᠠᠭᠤᠷᠠᠬᠤ᠂ ᠶᠠᠳᠠᠷᠠᠯ ᠤᠨ ᠭᠡᠮᠲᠦᠯ ᠢ ᠨᠠᠮᠳᠠᠭᠤᠯᠬᠤ᠂ ᠰᠢᠨᠳᠠᠰᠤᠨ ᠤ ᠬᠠᠷᠢᠮᠠᠬᠠᠢ ᠴᠢᠨᠠᠷ ᠢ ᠴᠢᠩᠭᠠᠷᠠᠭᠤᠯᠬᠤ᠂ ᠬᠦᠵᠦᠭᠦᠨ ᠤ ᠶᠠᠰᠤ ᠶᠢᠨ ᠠᠮᠢᠳᠤᠯᠢᠭ ᠴᠢᠨᠠᠷ ᠪᠣᠯᠣᠨ ᠲᠣᠭᠲᠠᠪᠤᠷᠢᠲᠤ ᠴᠢᠨᠠᠷ ᠢ ᠲᠡᠭᠡᠭᠰᠢᠯᠡᠭᠦᠯᠭᠦ ᠳᠤ ᠲᠤᠰᠠᠲᠠᠢ ᠶᠤᠮ᠃     ᠬᠥᠳᠡᠯᠭᠡᠭᠡᠨ ᠬᠢᠬᠦ ᠦᠭᠡᠢ ᠦᠶᠡᠰ ᠲᠤ ᠬᠥᠮᠥᠨ ᠤ ᠪᠡᠶ᠎ᠡ ᠶᠢᠨ ᠬᠦᠵᠦᠭᠦᠨ ᠤ ᠶᠠᠰᠤ ᠶᠢᠨ ᠮᠦᠭᠡᠷᠰᠤᠨ ᠨᠡᠬᠡᠳᠡᠰᠦ᠂ ᠶᠠᠰᠤᠨ ᠤ ᠵᠠᠪᠰᠠᠷ ᠤᠨ ᠲᠠᠪᠠᠭ ᠵᠡᠷᠭᠡ ᠵᠠᠩᠭᠢᠯᠠᠭ᠎ᠠ ᠶᠢᠨ ᠬᠡᠰᠡᠭ ᠲᠤ ᠴᠢᠰᠤᠨ ᠰᠤᠳᠠᠯ ᠨᠢ ᠰᠢᠭᠤᠳ ᠰᠢᠮ᠎ᠡ ᠲᠡᠵᠢᠭᠡᠯ ᠬᠠᠩᠭᠠᠬᠤ ᠦᠭᠡᠢ᠂ ᠬᠥᠳᠡᠯᠭᠡᠭᠡᠨ ᠬᠢᠬᠦ ᠦᠶᠡᠰ ᠳᠠᠷᠤᠢ ᠴᠠᠭᠠᠰᠤᠨ ᠰᠢᠪᠠᠭᠤ ᠨᠢᠰᠬᠡᠬᠦ ᠦᠶ᠎ᠡ ᠳᠤ ᠬᠦᠵᠦᠭᠦᠨ ᠤ ᠬᠡᠰᠡᠭ ᠤᠨ ᠬᠥᠳᠡᠯᠭᠡᠭᠡᠨ ᠠᠷᠪᠢᠳᠴᠤ᠂ ᠳᠠᠪᠬᠢᠵᠤ ᠭᠦᠶᠦᠬᠦ ᠦᠶ᠎ᠡ ᠶᠢᠨ ᠬᠦᠵᠦᠭᠦᠨ ᠤ ᠬᠡᠰᠡᠭ ᠤᠨ ᠳᠣᠷᠭᠢᠯᠲᠠ ᠨᠢ ᠪᠦᠭᠦ ᠪᠡᠶ᠎ᠡ ᠳᠤ ᠭᠦᠢᠴᠡᠳ ᠳᠠᠷᠤᠯᠲᠠ ᠦᠭᠳᠡᠭ᠂ ᠢᠩᠭᠢᠵᠦ ᠬᠥᠳᠡᠯᠭᠡᠭᠡᠨ ᠬᠢᠬᠦ ᠨᠢ ᠬᠦᠵᠦᠭᠦᠨ ᠤ ᠶᠠᠰᠤ ᠶᠢᠨ ᠵᠠᠪᠰᠠᠷ ᠤᠨ ᠲᠠᠪᠠᠭ᠂ ᠮᠦᠭᠡᠷᠰᠤᠨ ᠨᠡᠬᠡᠳᠡᠰᠦ ᠶᠢᠨ ᠰᠢᠮ᠎ᠡ ᠲᠡᠵᠢᠭᠡᠯ ᠤᠨ ᠰᠣᠯᠢᠯᠴᠠᠭ᠎ᠠ ᠬᠢᠬᠦ ᠶᠢ ᠠᠬᠢᠭᠤᠯᠵᠤ᠂ ᠴᠢᠨᠠᠭᠰᠢᠯᠠᠨ ᠬᠦᠵᠦᠭᠦᠨ ᠶᠠᠰᠤ ᠨᠠᠰᠤᠵᠢᠬᠤ ᠪᠣᠯᠣᠨ ᠶᠠᠰᠤᠨ ᠤ ᠵᠠᠪᠰᠠᠷ ᠤᠨ ᠲᠠᠪᠠᠭ ᠭᠦᠳᠦᠶᠢᠬᠦ ᠶᠢ ᠰᠡᠷᠭᠡᠶᠢᠯᠡᠵᠦ ᠴᠢᠳᠠᠨ᠎ᠠ᠃     ᠴᠠᠭᠠᠰᠤᠨ ᠰᠢᠪᠠᠭᠤ ᠨᠢᠰᠬᠡᠬᠦ ᠨᠢ ᠠᠮᠤᠷ ᠲᠦᠪᠰᠢᠨ᠂ ᠦᠷ᠎ᠡ ᠪᠦᠲᠦᠮᠵᠢᠲᠡᠢ ᠮᠥᠷᠲᠡᠭᠡᠨ ᠰᠣᠨᠢᠷᠬᠠᠯᠲᠠᠢ ᠬᠥᠳᠡᠯᠭᠡᠭᠡᠨ ᠪᠣᠯᠣᠨ᠎ᠠ᠃ ᠬᠥᠮᠥᠰ ᠨᠠᠭᠠᠰᠢ ᠴᠠᠭᠠᠰᠢ ᠭᠦᠶᠦᠨ᠂ ᠬᠥᠳᠡᠭᠡ ᠭᠠᠳᠠᠭ᠎ᠠ ᠪᠠᠶᠠᠷ ᠪᠠᠶᠠᠰᠬᠤᠯᠠᠩᠲᠠᠢ ᠪᠠᠷ ᠰᠢᠨ᠎ᠡ ᠰᠣᠷᠭᠤᠭ ᠠᠭᠠᠷ ᠢ ᠠᠮᠢᠰᠬᠤᠯᠯᠠᠨ᠂ ᠨᠠᠷᠠᠨ ᠤ ᠡᠨᠧᠷᠭᠢ ᠶᠢ ᠰᠢᠩᠭᠡᠭᠡᠵᠦ᠂ ᠰᠡᠳᠬᠢᠯ ᠰᠠᠨᠠᠭ᠎ᠠ ᠪᠠᠶᠠᠰᠤᠩᠭᠤᠢ ᠪᠤᠯᠳᠠᠭ᠃ ᠲᠡᠷᠡᠴᠢᠯᠡᠨ ᠴᠠᠭᠠᠰᠤᠨ ᠰᠢᠪᠠᠭᠤ ᠨᠢᠰᠬᠡᠬᠦ ᠨᠢ ᠪᠠᠰᠠ ᠰᠢᠨ᠎ᠡ ᠬᠠᠭᠤᠴᠢᠨ ᠤ ᠰᠣᠯᠢᠯᠴᠠᠭ᠎ᠠ ᠶᠢ ᠰᠠᠶᠢᠵᠢᠷᠠᠭᠤᠯᠤᠨ᠂ ᠵᠢᠷᠦᠬᠡ ᠠᠭᠤᠰᠬᠢᠨ ᠤ ᠴᠢᠳᠠᠮᠵᠢ ᠶᠢ ᠳᠡᠭᠡᠭᠰᠢᠯᠡᠭᠦᠯᠵᠦ᠂ ᠶᠠᠰᠤ ᠰᠡᠶᠢᠷᠡᠭᠵᠢᠬᠦ ᠶᠢ ᠰᠡᠷᠭᠡᠶᠢᠯᠡᠵᠦ ᠴᠢᠳᠠᠳᠠᠭ᠂ ᠡᠭᠦᠨ ᠤ ᠤᠯᠠᠮ ᠠᠴᠠ ᠪᠡᠶ᠎ᠡ ᠶᠢᠨ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠳᠡᠭᠡᠭᠰᠢᠯᠡᠭᠦᠯᠦᠨ᠂ ᠬᠥᠩᠭᠡᠨ ᠳᠤᠮᠳᠠ ᠵᠡᠷᠭᠡ ᠶᠢᠨ ᠬᠦᠵᠦᠭᠦᠨ ᠶᠠᠰᠤᠨ ᠤ ᠡᠪᠡᠳᠴᠢᠨ ᠢ ᠰᠡᠷᠭᠡᠶᠢᠯᠡᠬᠦ ᠳᠤ ᠢᠳᠡᠪᠬᠢ ᠦᠢᠯᠡᠳᠦᠯ ᠦᠵᠡᠭᠦᠯᠳᠡᠭ᠃           ︵︽ᠪᠡᠭᠡᠵᠢᠩ ᠤᠨ ᠵᠠᠯᠠᠭᠤᠴᠤᠳ ᠰᠣᠨᠢᠨ︾ ᠠᠴᠠ ᠣᠷᠴᠢᠭᠤᠯᠤᠨ ᠠᠪᠤᠪᠠ︶ 
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11002890号-1